ᠦᠵᠡᠮᠵᠢᠲᠤ ᠰᠠᠶᠢᠬᠠᠨ ᠬᠤᠭᠤᠯᠠᠢ ᠲᠤᠰᠬᠤᠨ
ᠨᠡᠶᠢᠲᠡᠯᠡᠭᠰᠡᠨ ᠴᠠᠭ᠄
2018-05-11
    ᠵᠦᠸᠧᠽᠢ ᠰᠢᠶᠠᠨ ᠤ ᠯᠢ ᠬᠤᠸᠠ ᠪᠠᠯᠭᠠᠰᠤᠨ ᠤ ᠲᠤᠮᠲᠠ ᠬᠡᠰᠡᠭ ᠲᠤ ᠨᠢᠭᠡᠨ ᠵᠢᠷᠤᠭ ᠰᠢᠭ᠋ ᠭᠤᠶᠤ ᠦᠵᠡᠮᠵᠢ ᠲᠠᠢ ᠲᠤᠰᠬᠤᠨ ᠪᠠᠶᠢᠳᠠᠭ᠂ ᠡᠬᠦᠨ ᠢ ᠬᠤᠭᠤᠯᠠᠢ ᠲᠤᠰᠬᠤᠨ ᠭᠡᠳᠡᠭ᠃ ᠲᠤᠰᠬᠤᠨ ᠤ ᠡᠮᠦᠨ᠎ᠠ ᠬᠦᠷᠬᠦ ᠳᠤ ᠡᠷᠲᠡᠨ ᠤ ᠬᠢ ᠶᠢ ᠰᠡᠷᠭᠦᠭᠡᠭᠰᠡᠨ ᠬᠡᠪ ᠮᠠᠶ᠋ᠢᠭ ᠢᠶᠠᠷ ᠵᠠᠰᠠᠭᠰᠠᠨ ᠭᠤᠶᠤᠮᠰᠤᠭ ᠬᠡ ᠤᠭᠠᠯᠵᠠ ᠲᠠᠢ ᠡᠬᠦᠳᠡ ᠰᠡᠭᠦ᠋ᠢᠨ᠂ ᠲᠡᠭᠦᠨ ᠤ ᠲᠡᠭᠡᠷ᠎ᠡ ᠲᠠᠯ ᠎ᠠ ᠳᠤ ᠬᠤᠭᠤᠯᠠᠢ ᠰᠢᠨ᠎ᠠ ᠲᠤᠰᠬᠤᠨ ᠬᠡᠰᠡᠨ ᠦᠰᠦᠭ ᠬᠠᠷᠠᠭᠳᠠᠨ᠎ᠠ᠃ ᠡᠬᠦᠳᠡ ᠪᠠᠷ ᠲᠤᠲᠤᠭᠰᠢ ᠬᠠᠷᠠᠪᠠᠯ᠂ ᠨᠢᠭᠡᠨ ᠵᠤᠷᠪᠤᠰ ᠲᠡᠭᠰᠢ ᠲᠠᠷᠳᠠᠩ ᠱᠦᠢᠨᠢ ᠶᠢᠨ ᠵᠠᠮ ᠲᠤᠰᠬᠤᠨ ᠤ ᠲᠤᠮᠳᠠᠭᠤᠷ ᠰᠤᠨᠤᠯᠵᠠᠨ᠂ ᠵᠠᠮ ᠤᠨ ᠬᠤᠶᠠᠷ ᠲᠠᠯ᠎ᠠ ᠪᠠᠷ ᠸᠠᠭᠠᠷ ᠲᠤᠭᠤᠰᠬᠠᠨ ᠪᠠᠶᠢᠰᠢᠩ ᠤᠳ ᠮᠦᠷ ᠵᠡᠷᠭᠡᠴᠡᠨ ᠪᠠᠶᠢᠷᠢᠯᠠᠵᠤ᠂ ᠲᠤᠰᠬᠤᠨ ᠤ ᠲᠤᠮᠳᠠ ᠢᠷᠡᠪᠡᠯ ᠤᠷᠤᠨ ᠰᠠᠭᠤᠴᠠ ᠶᠢᠨ ᠲᠤᠭᠤᠷᠢᠭ᠂ ᠲᠤᠭᠤᠷᠢᠨ ᠦᠵᠡᠵᠤ ᠵᠢᠮᠢᠰ ᠲᠡᠭᠦᠭᠦ ᠲᠤᠭᠤᠷᠢᠭ᠂ ᠰᠡᠯᠡᠭᠦᠴᠡᠵᠦ ᠲᠤᠭᠯᠠᠬᠤ ᠲᠤᠭᠤᠷᠢᠭ ᠭᠡᠵᠤ ᠨᠠᠷᠢᠨ ᠲᠤᠳᠤᠷᠬᠠᠢ ᠢᠯᠭᠠᠨ ᠬᠤᠪᠢᠶᠠᠷᠢᠯᠠᠭᠰᠠᠨ ᠪᠠᠶᠢᠨ᠎ᠠ᠃ ᠲᠤᠰᠬᠤᠨ ᠨᠢ ᠠᠷᠤ ᠳᠠᠭᠠᠨ ᠠᠭᠤᠯᠠ ᠶᠢ ᠲᠦᠰᠢᠵᠤ᠂ ᠡᠮᠦᠨ᠎ᠠ ᠪᠠᠨ ᠠᠭᠤᠯᠠ ᠶᠢ ᠪᠠᠷᠠᠯᠠᠨ᠂ ᠲᠤᠮᠳᠠ ᠪᠠᠨ ᠤᠰᠤ ᠶᠢ ᠬᠦᠷᠢᠶᠠᠯᠡᠨ᠂ ᠡᠪᠠᠰᠤ ᠮᠤᠳᠤ ᠬᠦᠭᠡᠷᠡᠨ ᠨᠤᠭᠤᠭᠠᠷᠠᠵᠤ᠂ ᠦᠨᠡᠭᠡᠷ ︽ᠠᠷᠰᠢ ᠶᠢᠨ ᠤᠷᠤᠨ︾ ᠳᠤ ᠰᠠᠭᠠᠲᠠᠭᠰᠠᠨ ᠮᠡᠲᠤ ᠰᠠᠨᠠᠭᠳᠠᠭᠤᠯᠤᠨ᠎ᠠ︕     ᠣᠶᠢᠷ᠎ᠠ ᠳᠤ᠂ ᠰᠤᠷᠪᠤᠯᠵᠢᠯᠠᠭᠴᠢ ᠬᠤᠭᠤᠯᠠᠢ ᠲᠤᠰᠬᠤᠨ ᠳᠤ ᠬᠦᠷᠬᠦ ᠳᠤ ᠲᠡᠷᠭᠡ ᠬᠦᠰᠭᠡ ᠴᠤᠪᠤᠷᠠᠯᠳᠤᠵᠤ᠂ ᠬᠦᠷ ᠬᠦᠭᠵᠢᠶᠠᠨ ᠢᠶᠠᠷ ᠪᠢᠯᠬᠠᠮ᠎ᠠ ᠪᠠᠶᠢᠯ ᠎ᠠ᠃ ᠪᠠᠷᠠᠭ᠎ᠠ ᠲᠡᠯᠭᠡᠨ ᠬᠤᠳᠠᠯᠳᠤᠵᠤ ᠪᠠᠶᠢᠭ᠎ᠠ᠂ ᠤᠰᠤᠨ ᠳᠤ ᠰᠠᠯ ᠰᠡᠯᠢᠨ ᠨᠠᠭᠠᠳᠴᠤ ᠪᠠᠶᠢᠬᠤ᠂ ᠵᠢᠭᠠᠰᠤ ᠬᠦᠬᠢᠳᠡᠵᠦ ᠪᠠᠶᠢᠭ᠎ᠠ᠂ ᠡᠯ ᠎ᠠ ᠵᠦᠢᠯ ᠤᠨ ᠲᠤᠭᠯᠠᠭᠠᠮ ᠢ ᠨᠠᠭᠠᠳᠬᠤ ᠬᠦᠮᠦᠰ ᠤᠨ ᠶᠠᠷᠢᠯᠴᠠᠭ᠎ᠠ ᠵᠦᠭ ᠪᠦᠷᠢ ᠠᠴᠠ ᠲᠤᠭᠤᠯᠳᠠᠨ᠎ᠠ︕ ᠡᠨᠡ ᠨᠢ ᠬᠤᠭᠤᠯᠠᠢ ᠲᠤᠰᠬᠤᠨ ᠤ ᠴᠤᠭᠴᠠᠯᠠᠨ ᠪᠠᠶᠢᠭ᠎ᠠ ︽ ᠰᠡᠯᠡᠭᠦᠴᠡᠨ ᠵᠤᠭᠠᠴᠠᠬᠤ ᠲᠤᠰᠬᠤᠨ ︾ ᠤ ᠲᠦᠷᠤᠯ ᠵᠦᠢᠯ ᠨᠢ ᠠᠰᠢᠬᠯᠠᠯᠳᠠ ᠳᠤ ᠤᠷᠤᠨ ᠡᠵᠡᠩᠨᠡᠯᠲᠡ ᠪᠠᠨ ᠡᠬᠢᠯᠡᠭᠦᠯᠦᠭᠰᠡᠨ ᠦᠶ᠎ᠡ ᠪᠠᠶᠢᠯ᠎ᠠ᠃ ︽ᠪᠢ ᠬᠦᠬᠡᠬᠤᠲᠡ ᠠᠴᠠ ᠢᠷᠡᠯ ᠎ᠠ᠂ ᠭᠠᠷᠠᠭ ᠤᠨ ᠰᠡᠭᠦᠯᠴᠢ ᠶᠢᠨ ᠠᠮᠠᠷᠠᠯᠲᠠ ᠪᠠᠨ ᠠᠰᠢᠬᠯᠠᠨ ᠤᠢᠢᠷ ᠎ᠠ ᠲᠦᠷᠤᠯ ᠲᠠᠢ ᠪᠠᠨ ᠬᠠᠮᠲᠤ ᠠᠳᠡ ᠵᠤᠭᠠᠴᠠᠵᠤ ᠪᠠᠶᠢᠨ᠎ᠠ᠂ ᠠᠳᠡ ᠠᠭᠤᠯᠠ ᠲᠠᠢ ᠤᠰᠤ ᠲᠠᠢ᠂ ᠭᠤᠶᠤ ᠭᠠᠵᠠᠷ ᠪᠠᠶᠢᠨ᠎ᠠ︾ ᠬᠡᠵᠤ ᠵᠤᠭᠠᠴᠠᠭᠴᠢ ᠡᠾᠦ᠋ᠸᠧ ᠵᠢᠶᠧ ᠶᠠᠷᠢᠨ᠎ᠠ᠃ ᠬᠤᠭᠤᠯᠠᠢ ᠲᠤᠰᠬᠤᠨ ᠵᠦᠸᠧᠽᠢ ᠰᠢᠶᠠᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠠᠴᠠ ᠲᠤᠷᠠᠳᠤᠭᠰᠠᠨ ︽ᠪᠦᠬᠦ ᠤᠷᠤᠨ ᠪᠦᠰᠡ ᠶᠢᠨ ᠵᠤᠭᠠᠴᠠᠯ᠂ ᠲᠦᠷᠪᠡᠨ ᠤᠯᠠᠷᠢᠯ ᠤᠨ ᠵᠤᠭᠠᠴᠠᠯ︾᠂ ︽ᠬᠤᠶᠠᠷ ᠲᠦᠪ ᠲᠦᠷᠪᠡᠨ ᠱᠤᠭᠤᠮ ᠠᠷᠪᠠᠨ ᠶᠡᠭᠡ ᠵᠤᠭᠠᠴᠠᠯ ᠤᠨ ᠤᠷᠤᠨ︾ ᠤ ᠬᠦᠭᠵᠢᠯᠲᠡ ᠶᠢᠨ ᠰᠡᠳᠬᠢᠴᠡ ᠶᠢᠨ ᠲᠤᠭᠤᠷᠢᠨ ᠳᠤ᠂ ᠭᠠᠵᠠᠷ ᠤᠷᠤᠨ ᠤ ᠤᠨᠴᠠ ᠲᠠᠪᠠᠭᠤᠯᠢᠭ ᠢᠶᠠᠨ ᠠᠰᠢᠬᠯᠠᠨ᠂ ᠬᠦᠳᠡᠭᠡ ᠲᠤᠰᠬᠤᠨ ᠤ ᠵᠤᠭᠠᠴᠠᠯ ᠢ ᠬᠦᠭᠵᠢᠭᠦᠯᠵᠦ᠂ ︽ᠨᠢᠭᠡ ᠲᠤᠰᠬᠤᠨ ᠨᠢᠭᠡ ᠲᠦᠷᠦᠯ ᠲᠡᠮᠳᠡᠭ᠂ ᠡᠷᠤᠬᠡ ᠪᠦᠷᠢ ᠤᠷᠤᠯᠴᠠᠬᠤ︾ ᠬᠠᠮᠳᠤᠪᠠᠷ ᠪᠠᠶᠠᠵᠢᠬᠤ ᠶᠡᠷᠤᠩᠬᠡᠢ ᠬᠠᠷᠠᠯᠳᠠ ᠶᠢ ᠪᠡᠶᠡᠯᠡᠬᠦᠯᠬᠦ ᠪᠠᠷ ᠵᠤᠷᠢᠭᠰᠠᠨ ᠪᠠᠶᠢᠨ᠎ᠠ᠃ ᠬᠤᠭᠤᠯᠠᠢ ᠲᠤᠰᠬᠤᠨ ᠤ ᠪᠦᠬᠦ ᠲᠠᠯᠠᠪᠠᠢ 41 ᠲᠡᠭᠰᠢ ᠲᠦᠷᠪᠡᠯᠵᠢᠨ ᠺᠢᠯᠣᠮᠧᠳ᠋ᠷ᠂ ᠡᠬᠦᠨ ᠳᠤ ᠤᠳᠤ ᠪᠠᠶᠢᠭ᠎ᠠ ᠲᠠᠷᠢᠶᠠᠨ ᠭᠠᠵᠠᠷ ᠤᠨ ᠲᠠᠯᠠᠪᠠᠢ 6000 ᠭᠠᠷᠤᠢ ᠮᠦ᠂ ᠬᠠᠷᠢᠶᠠᠨ ᠳᠤᠨᠢ 11 ᠰᠠᠭᠤᠭᠠᠯᠢ ᠠᠷᠠᠳ ᠤᠨ ᠪᠠᠭ᠎ᠠ ᠲᠤᠭᠤᠢᠢᠯᠠᠩ ᠪᠠᠶᠢᠵᠦ᠂ ᠪᠠᠶᠢᠡᠭᠭᠤ ᠬᠦᠮᠦᠨ ᠠᠮᠠ 563 ᠡᠷᠤᠬᠡ᠂ 1926 ᠬᠦᠮᠦᠨ ᠠᠮᠠ ᠲᠠᠢ ᠂ ᠡᠭᠦᠨ ᠳᠤ ᠶᠠᠳᠠᠭᠤ ᠬᠦᠴᠢᠷᠳᠡᠯᠳᠠᠢ ᠬᠦᠮᠦᠨ ᠠᠮᠠ 240 ᠬᠦᠮᠦᠨ ᠪᠤᠢ᠂ ᠲᠤᠰᠬᠤᠨ ᠤ ᠠᠷᠠᠳ ᠤᠨ ᠤᠷᠤᠯᠭ᠎ᠠ ᠨᠢ ᠭᠤᠤᠯᠳᠠᠭᠤ ᠮᠠᠯ ᠳᠠᠷᠢᠶᠠᠯᠠᠩ ᠤᠨ ᠦᠢᠯᠡᠳᠪᠤᠷᠢᠯᠠᠯ ᠪᠤᠯᠤᠨ ᠬᠦᠯᠦᠰᠤᠨ ᠠᠵᠢᠯ ᠬᠢᠬᠦ ᠠᠴᠠ ᠢᠷᠡᠯᠲᠡ ᠲᠠᠢ᠃ ᠨᠠᠮ ᠤᠨ ᠡᠭᠦᠷ ᠤᠨ ᠱᠦᠵᠢ ᠴᠢᠶᠤᠤ ᠢ ᠵᠢᠢ 2009 ᠤᠨ ᠳᠤ ᠬᠤᠭᠤᠯᠠᠢ ᠲᠤᠰᠬᠤᠨ ᠤ ᠨᠠᠮ ᠤᠨ ᠡᠭᠦᠷ ᠤᠨ ᠱᠦᠵᠢ ᠪᠠᠷ ᠰᠤᠩᠭᠤᠭᠳᠠᠭᠰᠠᠨ ᠠᠴᠠ ᠨᠠᠰᠢ᠂ ︽ᠨᠢᠭᠡ ᠲᠤᠰᠬᠤᠨ ᠨᠢᠭᠡ ᠲᠦᠷᠦᠯ ᠲᠡᠮᠳᠡᠭ᠂ ᠡᠷᠤᠬᠡ ᠪᠦᠷᠢ ᠤᠷᠤᠯᠴᠠᠬᠤ︾ ᠬᠠᠮᠳᠤᠪᠠᠷ ᠪᠠᠶᠠᠵᠢᠬᠤ ᠶᠡᠷᠤᠩᠬᠡᠢ ᠬᠠᠷᠠᠯᠳᠠ ᠶᠢ ᠪᠡᠶᠡᠯᠡᠬᠦᠯᠬᠦ ᠶᠢᠨ ᠲᠦᠯᠦᠭᠡ᠂ ᠲᠤᠰᠬᠤᠨ ᠤ ᠠᠷᠠᠳ ᠦᠪᠡᠷ ᠤᠨ ᠲᠤᠷ᠎ᠡ ᠪᠠᠷ ᠬᠤᠯᠪᠤᠭᠠᠯᠠᠬᠤ᠂ ᠠᠷᠠᠳᠴᠢᠯᠠᠯ ᠢᠶᠠᠷ ᠬᠠᠮᠢᠶᠠᠷᠬᠤ ᠵᠠᠷᠴᠢᠮ ᠢ ᠦᠨᠳᠦᠰᠦᠯᠡᠨ᠂ ᠨᠠᠮ ᠤᠨ ᠡᠭᠦᠷ ᠤᠨ ᠲᠠᠭᠠᠭᠤᠯᠭ᠎ᠠ ᠲᠤᠤᠷ᠎ᠠ ︽ᠨᠠᠮ ᠤᠨ ᠡᠭᠦᠷ + ᠬᠤᠷᠰᠢᠶ᠎ᠠ + ᠰᠠᠭᠤᠷᠢᠨ + ᠰᠢᠨᠵᠢᠯᠡᠬᠦ ᠤᠬᠠᠭᠠᠨ ᠮᠡᠷᠭᠡᠵᠢᠯ ᠤᠨ ᠠᠵᠢᠯᠲᠡᠨ + ᠲᠠᠷᠢᠶᠠᠴᠢᠨ ᠡᠷᠤᠬᠡ︾ ᠶᠢᠨ ᠬᠡᠯᠪᠡᠷᠢ ᠶᠢ ᠬᠠᠶᠢᠨ ᠰᠦᠪᠡᠭᠴᠢᠯᠠᠵᠤ᠂ 2009 ᠤᠨ ᠤ 3 ᠰᠠᠷ᠎ᠠ ᠳᠤ ᠠᠷᠠᠳ ᠢ ᠪᠠᠶᠠᠵᠢᠭᠤᠯᠬᠤ ᠲᠠᠷᠢᠵᠦ ᠤᠷᠭᠤᠭᠤᠯᠬᠤ ᠲᠠᠷᠢᠶᠠᠴᠢᠨ ᠤ ᠲᠤᠰᠬᠠᠢ ᠬᠤᠷᠰᠢᠶ᠎ᠠ ᠶᠢ ᠲᠠᠩᠰᠠᠯᠠᠨ ᠪᠠᠶᠢᠭᠤᠯᠪᠠ᠃ ᠨᠠᠢᠮᠠᠨ ᠵᠢᠯ ᠤᠨ ᠬᠦᠭᠵᠢᠯᠳᠡ ᠪᠠᠷ ᠲᠠᠮᠵᠢᠨ᠂ ᠤᠳᠤ ᠨᠢᠭᠡᠨᠳᠡ 7000 ᠲᠦᠮᠡ ᠭᠠᠷᠤᠢ ᠲᠦᠭᠦᠷᠢᠭ ᠤᠨ ᠪᠡᠯᠡ ᠤᠷᠤᠭᠤᠯᠵᠦ᠂ 1382 ᠮᠦ ᠲᠠᠯᠠᠪᠠᠢ ᠲᠠᠢ ᠤᠰᠤᠨ ᠲᠡᠭᠡᠷ ᠎ᠠ ᠨᠠᠭᠠᠳᠬᠤ᠂ ᠵᠢᠭᠠᠰᠤ ᠬᠦᠭᠢᠳᠡᠬᠦ᠂ ᠵᠢᠮᠢᠰ ᠲᠡᠭᠦᠭᠦ᠂ ᠲᠤᠭᠤᠷᠢᠨ ᠵᠤᠭᠠᠴᠠᠬᠤ᠂ ᠬᠡᠤᠬᠡᠳ ᠤᠨ ᠲᠤᠭᠯᠠᠭᠠᠮ ᠵᠡᠷᠭᠡ ᠨᠠᠭᠠᠳᠤᠨ ᠲᠤᠭᠯᠠᠬᠤ ᠲᠦᠷᠤᠯ ᠵᠦᠢᠯ ᠢ ᠪᠦᠷᠢᠳᠤᠭᠦᠯᠦᠭᠰᠡᠨ ︽ᠰᠡᠯᠡᠭᠦᠴᠡᠨ ᠵᠤᠭᠠᠴᠠᠬᠤ ᠲᠤᠰᠬᠤᠨ ︾ ᠢ ᠪᠠᠶᠢᠭᠤᠯᠤᠭᠰᠠᠨ ᠪᠠᠶᠢᠨ᠎ᠠ᠃ ᠲᠤᠰᠬᠤᠨ ᠤ ᠨᠠᠮ ᠤᠨ ᠡᠬᠦᠷ ᠤᠨ ᠱᠦᠵᠢ ᠴᠢᠶᠤᠤ ᠢ ᠵᠢᠢ᠄ ︽ᠪᠠᠶᠠᠵᠢᠶ᠎ᠠ ᠭᠡᠪᠡᠯ ᠶᠠᠭᠤᠨ ᠤ ᠤᠷᠢᠳ ᠶᠠᠳᠠᠭᠤ ᠠᠴᠠ ᠠᠩᠬᠢᠵᠢᠷᠠᠬᠤ ᠬᠡᠷᠡᠭᠳᠡᠢ᠂ ᠪᠢᠳᠡ ᠬᠦᠳᠡᠭᠡ ᠲᠤᠰᠬᠤᠨ ᠤ ᠵᠤᠭᠠᠴᠠᠯ ᠢ ᠤᠨᠢᠨ ᠲᠡᠭᠡᠷ᠎ᠡ ᠨᠢ ᠶᠠᠳᠠᠭᠤ ᠶᠢ ᠲᠡᠳᠭᠦᠬᠦ ᠠᠵᠢᠯ ᠤᠨ ᠪᠦᠳᠦᠮᠵᠢᠳᠡᠢ ᠠᠷᠭ᠎ᠠ ᠵᠠᠮ ᠤᠨ ᠨᠢᠭᠡ ᠪᠠᠷ ᠦᠵᠡᠵᠦ᠂ ᠰᠡᠯᠡᠬᠦᠴᠠᠨ ᠵᠤᠭᠠᠴᠠᠬᠤ ᠲᠤᠰᠬᠤᠨ ᠤ ᠲᠦᠷᠦᠯ ᠵᠦᠢᠯ ᠢ ᠪᠠᠶᠢᠭᠤᠯᠬᠤ ᠪᠠᠷ ᠲᠠᠮᠵᠢᠨ᠂ ᠬᠦᠳᠡᠯᠮᠦᠷᠢᠯᠡᠬᠦ ᠴᠢᠳᠠᠪᠤᠷᠢ ᠲᠠᠢ 70 % ᠤᠷᠴᠢᠮ ᠤᠨ ᠶᠠᠳᠠᠭᠤ ᠬᠦᠴᠢᠷᠳᠡᠯᠳᠡᠢ ᠬᠦᠮᠦᠨ ᠠᠮᠠ ᠶᠢ ᠲᠤᠰᠬᠤᠨ ᠳᠤ ᠠᠪᠴᠢᠷᠠᠨ ᠠᠵᠢᠯᠯᠠᠭᠤᠯᠵᠦ᠂ ᠦᠯᠡᠳᠡᠭᠰᠡᠨ 30% ᠤᠷᠴᠢᠮ ᠤᠨ ᠬᠦᠳᠡᠯᠮᠦᠷᠢᠯᠡᠬᠦ ᠴᠢᠳᠠᠪᠤᠷᠢ ᠪᠠᠨ ᠠᠯᠳᠠᠭᠰᠠᠨ ᠶᠠᠳᠠᠭᠤ ᠬᠦᠴᠢᠷᠳᠡᠯᠳᠡᠢ ᠬᠦᠮᠦᠨ ᠠᠮᠠ ᠶᠢ ᠲᠤᠰᠬᠤᠨ ᠤ ᠵᠦᠪᠯᠡᠯ ᠠᠴᠠ ᠨᠢᠭᠡᠳᠦᠯᠳᠡᠢ ᠲᠤᠬᠢᠷᠠᠭᠤᠯᠤᠨ ᠤᠨᠴᠠ ᠭᠠᠷᠤᠯᠳᠠ ᠪᠤᠷᠤᠯᠠᠭᠤᠯᠬᠤ ᠴᠢᠭ᠋ ᠲᠤ ᠤᠨᠴᠠ ᠭᠠᠷᠤᠯᠳᠠ ᠪᠤᠷᠤᠯᠠᠭᠤᠯᠵᠤ ᠪᠤᠢ᠃ ᠡᠭᠦᠨ ᠤ ᠬᠠᠮᠳᠦ ᠶᠠᠳᠠᠭᠤ ᠶᠢ ᠲᠡᠳᠬᠦᠬᠦ ᠵᠢᠬᠡᠯᠡᠯᠬᠡ ᠵᠢᠭᠡᠯᠡᠭᠰᠡᠨ ᠶᠠᠳᠠᠭᠤ ᠬᠦᠴᠢᠷᠳᠡᠯᠳᠡᠢ ᠡᠷᠤᠬᠡ ᠳᠤ ᠵᠢᠯ ᠪᠦᠷᠢ 1000 ᠲᠦᠭᠦᠷᠢᠭ ᠲᠡᠳᠭᠦᠮᠵᠢ ᠶᠢᠨ ᠮᠦᠡᠭᠬᠦ ᠦᠭᠳᠡᠭ᠃ ᠲᠡᠭᠡᠷᠡᠬᠢ ᠮᠡᠳᠦ ᠠᠷᠭ᠎ᠠ ᠪᠠᠷ ᠲᠠᠮᠵᠢᠨ᠂ 2018 ᠤᠨ ᠤ ᠰᠡᠭᠦᠯᠴᠢ ᠪᠣᠯᠳᠠᠯ᠎ᠠ ᠪᠦᠬᠦ ᠲᠤᠰᠬᠤᠨ ᠤ 117 ᠡᠷᠤᠬᠡ᠂ 240 ᠶᠠᠳᠠᠭᠤ ᠬᠦᠴᠢᠷᠳᠡᠯᠳᠠᠢ ᠬᠦᠮᠤᠰ ᠢ ᠶᠠᠳᠠᠭᠤ ᠠᠴᠠ ᠠᠩᠬᠢᠵᠢᠷᠠᠭᠤᠯᠤᠨ ᠪᠠᠶᠠᠵᠢᠭᠤᠯᠤᠨ᠎ᠠ︾ ᠭᠡᠵᠦ ᠲᠠᠨᠢᠯᠴᠠᠭᠤᠯᠤᠯ᠎ᠠ᠃ ᠲᠡᠷᠡ ᠪᠠᠰᠠ ᠵᠠᠯᠭᠠᠭᠠᠳ᠄ ︽ᠮᠠᠨ ᠤ ᠰᠡᠯᠡᠭᠦᠴᠡᠡ ᠵᠤᠭᠠᠴᠠᠬᠤ ᠲᠤᠰᠬᠤᠨ ᠳᠤ ᠪᠠᠶᠢᠡᠭᠭᠤ ᠶᠢᠨ ᠠᠵᠢᠯᠴᠢᠨ 70 ᠬᠦᠮᠦᠨ ᠪᠠᠶᠢᠵᠦ᠂ ᠤᠯᠠᠷᠢᠯ ᠤᠨ ᠴᠢᠨᠠᠷᠳᠠᠢ ᠠᠵᠢᠯᠴᠢᠨ 140 ᠬᠦᠮᠦᠨ ᠪᠤᠢ᠂ ᠪᠦᠷ ᠤᠢᠢᠷ᠎ᠠ ᠬᠠᠪᠢ ᠶᠢᠨ ᠲᠤᠰᠬᠤᠨ ᠤ ᠬᠢ ᠶᠤᠮ᠂ ᠲᠤᠰᠬᠤᠨ ᠤ ᠠᠷᠠᠳ ᠲᠤᠰᠬᠤᠨ ᠠᠴᠠ ᠪᠠᠨ ᠭᠠᠷᠬᠤ ᠦᠭᠡᠢ ᠪᠠᠷ ᠬᠦᠯᠦᠰᠦᠨ ᠠᠵᠢᠯ ᠬᠢᠬᠦ ᠶᠢᠨ ᠬᠠᠮᠳᠦ ᠮᠦᠨ 1000 ᠭᠠᠷᠤᠢ ᠬᠦᠮᠦᠨ ᠢ ᠲᠠᠶᠢᠴᠢᠯᠠᠨ ᠬᠦᠳᠡᠭᠡ ᠲᠤᠰᠬᠤᠨ ᠤ ᠵᠤᠭᠠᠴᠠᠯ ᠤᠨ ᠦᠢᠯᠡᠰ ᠤᠨ ᠬᠠᠮᠢᠶᠠᠳᠠᠢ ᠠᠵᠦ ᠦᠢᠯᠡᠰ ᠢ ᠡᠷᠬᠢᠯᠡᠭᠦᠯᠵᠦ ᠪᠤᠢ︾ ᠬᠡᠵᠤ ᠤᠴᠢᠷᠯᠠᠨ᠎ᠠ᠃ ᠲᠤᠰᠬᠤᠨ ᠤ ᠠᠷᠠᠳ ᠫᠠᠨᠭ᠌ ᠽᠢ ᠬᠤ᠋᠄ ︽ ᠤᠤᠯ ᠳᠠᠭᠠᠨ ᠲᠠᠷᠢᠶ᠎ᠠ ᠲᠠᠷᠢᠵᠤ ᠠᠮᠢᠳᠤᠷᠠᠯ ᠢᠶᠠᠨ ᠠᠷᠭᠠᠴᠠᠵᠦ ᠪᠠᠶᠢᠵᠠᠢ᠂ ᠲᠡᠷᠡ ᠦᠶ᠎ᠡ ᠳᠤ ᠨᠢᠭᠡ ᠵᠢᠯ ᠢᠶᠠᠷ ᠢᠶᠠᠨ ᠭᠡᠳᠦᠨ ᠵᠤᠭᠤᠰ ᠤᠯᠵᠦ ᠲᠡᠶᠢᠯᠬᠦ ᠦᠭᠡᠢ᠂ ᠡᠭᠦᠨ ᠤ ᠲᠡᠭᠡᠷ᠎ᠡ ᠨᠢ ᠪᠦᠰᠡᠭᠦᠢ ᠮᠢᠨᠢ ᠡᠪᠡᠳᠴᠢᠯᠡᠵᠦ᠂ ᠬᠡᠤᠭᠡᠳ ᠰᠤᠷᠭᠠᠭᠤᠯᠢ ᠳᠤ ᠤᠷᠤᠭᠰᠠᠨ ᠠᠴᠠ ᠶᠠᠳᠠᠭᠤ ᠬᠦᠴᠢᠷᠳᠡᠯᠳᠡᠢ ᠡᠷᠤᠬᠡ ᠪᠤᠯᠪᠠ᠂ ᠤᠳᠤ ᠠᠳᠡ ᠬᠦᠯᠦᠰᠤᠨ ᠠᠵᠢᠯ ᠬᠢᠭᠰᠡᠨ ᠠᠴᠠ ᠵᠢᠯ ᠤᠨ ᠤᠷᠤᠯᠭ᠎ᠠ 3 ᠲᠦᠮᠡᠨ ᠲᠦᠭᠦᠷᠢᠭ ᠲᠤ ᠬᠦᠷᠴᠦ᠂ ᠠᠮᠢᠳᠤᠷᠠᠯ ᠡᠳᠦᠷ ᠠᠴᠠ ᠡᠳᠦᠷ ᠰᠠᠶᠢᠵᠢᠷᠠᠪᠠ︾ ᠭᠡᠵᠦ ᠢᠲᠡᠭᠡᠯ ᠲᠦᠬᠦᠷᠡᠩ ᠶᠠᠷᠢᠨ᠎ᠠ᠃ 81 ᠨᠠᠰᠤ ᠲᠠᠢ ᠵᠡᠷᠭᠡᠯᠡᠳᠡᠭᠡ ᠲᠤᠰᠬᠤᠨ ᠤ ᠠᠷᠠᠳ ᠯᠢᠦ ᠦ᠋ ᠹᠦ᠋᠄ ︽ᠠᠷᠪᠠᠨ ᠬᠡᠳᠦᠨ ᠵᠢᠯ ᠶᠢᠨ ᠡᠮᠦᠨ᠎ᠡ ᠠᠳᠡ ᠪᠦᠷ ᠬᠠᠯᠴᠠᠭᠠᠢ ᠠᠳᠠᠷ ᠭᠠᠵᠠᠷ ᠪᠠᠶᠢᠭᠰᠠᠨ᠂ ᠲᠠᠷᠢᠶ᠎ᠠ ᠬᠡᠵᠦ ᠤᠷᠭᠤᠬᠤ ᠦᠭᠡᠢ᠂ ᠴᠢᠯᠠᠭᠤ ᠠᠴᠠ ᠦᠭᠡᠷ᠎ᠡ ᠶᠠᠭᠤ ᠴᠦ ᠦᠭᠡᠢ ᠪᠠᠶᠢᠵᠠᠢ᠃ ᠤᠳᠤ ᠬᠠᠷᠢᠨ ᠁︾ ᠭᠡᠵᠦ ᠰᠡᠳᠭᠢᠯ ᠲᠤᠭᠳᠤᠯᠤᠨ ᠶᠠᠷᠢᠨ᠎ᠠ᠃ 2014 ᠤᠨ ᠳᠤ ᠲᠦᠪ ᠤᠨ ᠪᠤᠯᠪᠠᠰᠤᠨ ᠤ ᠠᠵᠢᠯ ᠤᠨ ᠠᠯᠪᠠᠨ ᠭᠡᠷ ᠠᠴᠠ ᠬᠤᠭᠤᠯᠠᠢ ᠲᠤᠰᠬᠤᠨ ᠳᠤ ︽ᠪᠦᠬᠦ ᠤᠯᠤᠰ ᠤᠨ ᠪᠤᠯᠪᠠᠰᠤᠨ ᠲᠤᠰᠬᠤᠨ︾ ᠬᠡᠬᠦ ᠢᠷᠠᠭᠤ ᠠᠯᠳᠠᠷ ᠤᠯᠭᠤᠵᠦ᠂ ᠦᠪᠡᠷᠳᠡᠭᠡᠨ ᠵᠠᠰᠠᠬᠤ ᠤᠷᠤᠨ ᠠᠴᠠ ︽ᠵᠤᠭᠠᠴᠠᠯ ᠤᠨ ᠨᠡᠷᠡᠳᠦ ᠲᠤᠰᠬᠤᠨ︾ ᠬᠡᠵᠦ ᠨᠡᠷᠡᠯᠡᠪᠡ᠃ 2015 ᠤᠨ ᠳᠤ ᠭᠦᠳᠡᠭᠡ ᠲᠤᠰᠬᠤᠨ ᠤ ᠵᠤᠭᠠᠴᠠᠯ ᠢᠶᠠᠷ ᠶᠠᠳᠠᠭᠤ ᠶᠢ ᠲᠡᠳᠭᠦᠬᠦ ᠢᠨᠵᠧᠨᠧᠷᠢᠩ ᠤᠨ ᠲᠤᠰᠬᠤᠨ ᠢᠶᠠᠷ ᠲᠤᠭᠳᠠᠭᠠᠵᠦ᠂ ᠨᠠᠮ ᠤᠨ ᠡᠭᠦᠷ ᠤᠨ ᠱᠦᠵᠢ ᠴᠢᠶᠤᠦ ᠢ ᠵᠢᠢ ᠪᠦᠬᠦ ᠤᠯᠤᠰ ᠤᠨ ᠬᠦᠳᠡᠯᠮᠦᠷᠢ ᠶᠢᠨ ᠵᠢᠱᠢᠶᠡᠴᠢ ᠪᠠᠷ ᠰᠤᠩᠭᠤᠭᠳᠠᠪᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号