ᠴᠠᠰᠤ ᠮᠦᠰᠤᠨ ᠳᠤ ᠬᠤᠴᠢᠭᠳᠠᠭᠰᠠᠨ ᠲᠠᠯᠠᠨ ᠬᠠᠷ᠎ᠠ ᠠᠭᠤᠯᠠ ᠰᠡᠭᠦ᠋ᠢᠨ ᠰᠦᠨᠳᠡᠷᠯᠡᠵᠤ᠂ ᠴᠠᠭᠠᠨ | ᠬᠦᠷᠮ᠎ᠠ ᠪᠠᠷ ᠭᠤᠶᠤᠯᠠᠬᠰᠠᠨ ᠦᠡᠳᠦᠷᠯᠢᠭ ᠤᠨ ᠰᠠᠶᠢᠬᠠᠨ ᠲᠠᠯ᠎ᠠ ᠲᠡᠭᠦᠨ ᠲᠠᠢ ᠬᠤᠯᠪᠤᠯᠳᠤᠨ ᠨᠡᠯᠦ᠋ᠢᠵᠦ᠂ ᠭᠠᠨᠭ᠍ᠭᠠᠡᠭ | ᠪᠠᠶᠢᠭᠠᠯᠢ ᠶᠢᠨ ᠵᠢᠷᠤᠭ ᠰᠢᠬ ᠦᠵᠡᠮᠵᠢ ᠤᠯᠠᠨ ᠤ ᠡᠮᠤᠨ᠎ᠠ ᠲᠡᠯᠭᠡᠭᠳᠡᠨ᠎ᠠ᠃ ᠰᠤᠯᠤᠩᠭᠠᠨ ᠦᠡᠭᠭᠡ ᠶᠢᠨ ᠲᠤᠭ | ᠲᠠᠯᠪᠠᠭ᠎ᠠ ᠰᠠᠯᠬᠢᠨ ᠤ ᠠᠶ᠎ᠠ ᠪᠠᠷ ᠮᠢᠷᠠᠯᠵᠠᠬᠤ ᠳᠤ᠂ ᠦᠵᠡᠭᠴᠢᠳ ᠲᠤᠬᠯᠠᠯᠳᠠ ᠶᠢᠨ ᠲᠠᠶᠢᠰᠠ ᠶᠢ ᠲᠤᠭᠤᠷᠢᠨ | ᠤᠤᠬᠠᠢᠢᠯᠠᠵᠦ᠂ ᠤᠶᠠᠩᠭᠠᠲᠤ ᠲᠠᠭᠤᠤ ᠤᠷᠠᠨ ᠲᠤᠬᠯᠠᠯᠳᠠ ᠦᠵᠡᠭᠴᠢ ᠤᠯᠠᠨ ᠤ ᠪᠠᠨ ᠤᠤᠬᠠᠢᠢᠯᠠᠯ | ᠬᠠᠰᠬᠢᠷᠤᠯᠲᠠ ᠶᠢᠨ ᠲᠤᠮᠳᠠ ᠢᠳᠡ ᠬᠦᠭ ᠲᠠᠢ ᠶᠠᠪᠤᠭᠳᠠᠨ᠎ᠠ᠃ ᠡᠨᠡ ᠪᠤᠯ ᠵᠦᠸᠧᠽᠢ ᠰᠢᠶᠠᠨ ᠤ ᠠᠩᠬᠠᠳᠤᠭᠠᠷ | ᠬᠤᠭᠤᠴᠠᠭᠠᠨ ᠤ ᠲᠡᠮᠡᠭᠡᠨ ᠰᠤᠶᠤᠯ ᠴᠠᠰᠤ ᠮᠦᠰᠤᠨ ᠤ ᠵᠤᠭᠠᠴᠠᠯ ᠤᠨ ᠰᠤᠶᠤᠯ ᠤᠨ ᠨᠠᠶᠢᠷ ᠤᠨ ᠠᠬᠤᠢ ᠲᠠᠯᠠᠪᠠᠢ | ᠪᠤᠯᠤᠨ᠎ᠠ᠃ 2 ᠰᠠᠷ᠎ᠠ ᠶᠢᠨ 14 ᠤ ᠡᠳᠤᠷ᠂ ᠤᠯᠠᠭᠠᠨᠴᠠᠪ ᠬᠤᠲᠠ ᠶᠢᠨ ᠵᠤᠭᠠᠴᠠᠯ ᠤᠨ ᠲᠤᠪᠴᠢᠶ᠎ᠠ᠂ ᠵᠦᠸᠧᠽᠢ | ᠰᠢᠶᠠᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠠᠴᠠ ᠭᠤᠤᠯᠯᠠᠨ ᠡᠷᠬᠢᠯᠡᠭᠰᠡᠨ ᠵᠦᠸᠧᠽᠢ ᠰᠢᠶᠠᠨ ᠤ | ᠠᠩᠬᠠᠳᠤᠭᠠᠷ ᠬᠤᠭᠤᠴᠠᠭᠠᠨ ᠤ ᠲᠡᠮᠡᠭᠡᠨ ᠰᠤᠶᠤᠯ ᠴᠠᠰᠤ ᠮᠦᠰᠤᠨ ᠤ ᠵᠤᠭᠠᠴᠠᠯ ᠤᠨ ᠨᠠᠶᠢᠷ ᠠᠭᠤᠯᠠ ᠤᠰᠳ ᠤ | ᠵᠤᠭᠠᠴᠠᠯ ᠤᠨ ᠤᠷᠤᠨ ᠬᠤᠨᠭ᠌ ᠱᠢ ᠶᠠ ᠰᠧ ᠳᠤ ᠨᠢᠵᠢᠭᠢᠷ ᠰᠠᠶᠢᠬᠠᠨ ᠶᠠᠪᠤᠭᠳᠠᠭᠰᠠᠨ ᠪᠠᠶᠢᠨ᠎ᠠ᠃ | | | ᠬᠦᠴᠤᠲᠤ ᠪᠦᠬᠡ ᠶᠢᠨ ᠲᠡᠮᠡᠴᠡᠭᠡᠨ | ᠨᠠᠶᠢᠷ ᠲᠤ ᠡᠬᠢᠯᠡᠯᠲᠡ ᠶᠢᠨ ᠶᠤᠰᠤᠯᠠᠯ᠂ ᠪᠤᠤᠷ᠎ᠠ ᠰᠢᠯᠭᠠᠷᠠᠭᠤᠯᠬᠤ ᠤᠷᠤᠯᠳᠤᠭᠠᠨ᠂ ᠬᠤᠯᠠ ᠶᠢᠨ ᠲᠡᠮᠡᠭᠡᠨ ᠤ | ᠤᠷᠤᠯᠳᠤᠭᠠᠨ᠂ ᠪᠦᠬᠡ ᠪᠠᠷᠢᠯᠳᠤᠬᠤ᠂ ᠮᠤᠷᠢᠨ ᠮᠡᠷᠭᠡᠵᠢᠯ ᠤᠨ ᠦᠵᠡᠭᠦᠯᠦᠯᠭᠡ᠂ ᠮᠤᠩᠭᠤᠯ ᠦᠨᠳᠤᠰᠤᠲᠡᠨ ᠤ | ᠤᠯᠠᠮᠵᠢᠯᠠᠯᠲᠤ ᠬᠤᠪᠴᠠᠰᠤ ᠵᠠᠰᠠᠯ ᠤᠨ ᠦᠵᠡᠭᠦᠯᠦᠯᠭᠡ᠂ ᠤᠷᠠᠨ ᠰᠠᠶᠢᠬᠠᠨ ᠤ ᠲᠤᠭᠯᠠᠯᠲᠠ᠂ ᠬᠤᠨᠭ᠌ ᠱᠢ ᠶᠠ ᠰᠧ | ᠵᠤᠭᠠᠴᠠᠯ ᠤᠨ ᠤᠷᠤᠨ ᠤ ᠤᠯᠤᠰ ᠤᠨ ᠠᠮᠢ ᠠᠬᠤᠢ ᠶᠢᠨ ᠴᠡᠴᠡᠷᠯᠢᠭ ᠵᠢᠴᠢ ᠤᠯᠤᠰ ᠤᠨ 4A ᠲᠡᠰ ᠤᠨ | ᠦᠵᠡᠮᠵᠢ ᠶᠢᠨ ᠤᠷᠤᠨ ᠤ ᠡᠷᠤᠬᠡ ᠪᠠᠨ ᠰᠡᠭᠦᠭᠦ ᠶᠤᠰᠤᠯᠠᠯ ᠵᠡᠷᠭᠡ ᠡᠯᠪᠡᠭ ᠠᠭᠤᠯᠭ᠎ᠠ ᠲᠠᠢ ᠠᠵᠢᠯᠯᠠᠭ᠎ᠠ ᠶᠠᠪᠤᠭᠲᠠᠵᠦ᠂ | ᠬᠤᠯᠠ ᠤᠢᠢᠷ ᠠ ᠠᠴᠠ ᠬᠦᠷᠤᠯᠴᠠᠨ ᠢᠷᠡᠭᠰᠡᠨ ᠤᠯᠠᠨ ᠵᠤᠴᠢᠳ ᠢᠶᠠᠨ ᠪᠠᠶᠠᠰᠬᠠᠪᠠ᠃ ᠵᠦᠸᠧᠽᠢ ᠰᠢᠶᠠᠨ ᠳᠤ | ᠦᠪᠡᠷᠮᠢᠴᠠ ᠭᠤᠶᠢᠳᠠ ᠪᠠᠶᠢᠭᠠᠯᠢ ᠶᠢᠨ ᠦᠵᠡᠮᠵᠢ ᠲᠠᠢ ᠪᠠᠶᠢᠳᠠᠭ᠃ ᠲᠤᠰ ᠬᠤᠭᠤᠴᠠᠭᠠᠨ ᠤ ᠲᠡᠮᠡᠭᠡᠨ ᠰᠤᠶᠤᠯ ᠴᠠᠰᠤ | ᠮᠦᠰᠤᠨ ᠤ ᠵᠤᠭᠠᠴᠠᠯ ᠤᠨ ᠰᠤᠶᠤᠯ ᠤᠨ ᠨᠠᠶᠢᠷ ᠨᠢ ᠵᠦᠸᠧᠽᠢ ᠰᠢᠶᠠᠨ ᠤ ᠵᠤᠭᠠᠴᠠᠯ ᠤᠨ ᠡᠬᠢ ᠪᠠᠶᠠᠯᠢᠭ ᠢᠶᠠᠨ | ᠲᠠᠨᠢᠯᠴᠠᠭᠤᠯᠬᠤ ᠮᠠᠰᠢ ᠰᠠᠶᠢᠨ ᠲᠠᠪᠴᠠᠩ ᠪᠤᠯᠤᠬᠰᠠᠨ ᠪᠢᠯᠠ᠃ ᠵᠦᠸᠧᠽᠢ ᠰᠢᠶᠠᠨ ᠤ ᠵᠤᠭᠠᠴᠠᠯ ᠤᠨ ᠤᠷᠤᠨ ᠨᠢ | ᠵᠡᠬᠦᠨ ᠢᠶᠠᠨ ᠬᠦᠵᠡᠯᠵᠡᠬᠡᠨ᠎ᠡ ᠲᠡᠬᠦᠬᠦ ᠬᠦᠷᠢᠶᠡᠯᠡᠩ᠂ ᠡᠯ ᠯᠦᠩ ᠱᠠᠨ ᠲᠠᠷᠢᠶᠠᠯᠠᠬᠤ ᠰᠤᠶᠤᠯ ᠤᠨ ᠺᠢᠨᠣ᠋ ᠲᠧᠯᠸᠢᠰ ᠤᠨ | ᠲᠤᠰᠬᠤᠨ ᠢᠶᠠᠷ ᠭᠤᠤᠯ ᠪᠤᠯᠭᠠᠭᠰᠠᠨ ᠲᠠᠷᠢᠶᠠᠯᠠᠬᠤ ᠰᠤᠶᠤᠯ ᠳᠤ ᠪᠡᠶᠡᠳᠡᠨ ᠤᠷᠤᠯᠴᠠᠬᠤ ᠵᠤᠭᠠᠴᠠᠯ ᠤᠨ ᠱᠤᠭᠤᠮ᠂ | ᠪᠠᠷᠠᠭᠤᠨ ᠢᠶᠠᠨ ᠭᠡᠪᠳᠡᠭᠡ ᠪᠤᠷᠬᠠᠨ ᠤ ᠠᠭᠤᠯᠠ᠂ ᠡᠦ ᠶᠤᠤ ᠶᠢᠨ ᠡᠷᠳᠡᠨ ᠤ ᠬᠤᠲᠠ᠂ ᠵᠢᠦ ᠯᠦᠩ ᠸᠠᠨ ᠢᠶᠠᠷ ᠭᠤᠤᠯ | ᠪᠤᠯᠭᠠᠭᠰᠠᠨ ᠱᠠᠰᠢᠨ ᠰᠤᠷᠲᠠᠬᠤᠨ ᠤ ᠡᠷᠳᠡᠨ ᠤ ᠲᠤᠷᠠᠰᠬᠠᠯᠲᠦ ᠪᠠᠷᠢᠯᠭ᠎ᠠ ᠠᠭᠤᠯᠠ ᠤᠰᠤᠨ ᠤ ᠵᠤᠭᠠᠴᠠᠯ ᠤᠨ ᠵᠠᠮ | ᠱᠤᠭᠤᠮ᠂ ᠡᠮᠦᠨ᠎ᠡ ᠪᠠᠨ ᠳ᠋ᠠ ᠢᠦᠢ ᠱᠦ ᠶᠢᠨ ᠲᠦᠮᠡᠨ ᠮᠦ ᠶᠢᠨ ᠰᠡᠯᠡᠬᠦᠴᠡᠯ ᠵᠤᠭᠠᠴᠠᠯ ᠤᠨ ᠲᠠᠷᠢᠶᠠᠯᠠᠩ᠂ ᠡᠩᠭᠡ | ᠠᠮᠤᠭᠤᠯᠠᠩ ᠬᠠᠭᠠᠨ ᠤ ᠡᠷᠳᠡᠨ ᠤ ᠤᠯᠠᠭ᠎ᠠ ᠦᠷᠳᠡᠭᠡ᠂ ᠮᠢᠩ ᠰᠢᠩ ᠱᠠᠨ ᠠᠭᠤᠯᠠ ᠪᠠᠷ ᠭᠤᠤᠯ ᠪᠤᠯᠭᠠᠭᠰᠠᠨ | ᠠᠭᠤᠯᠠᠨ ᠲᠤᠰᠬᠤᠨ ᠤ ᠵᠠᠩ ᠢᠷᠭᠡᠨᠰᠢᠯ ᠤᠨ ᠵᠤᠭᠠᠴᠠᠯ ᠤᠨ ᠵᠠᠮ ᠱᠤᠭᠤᠮ᠂ ᠠᠷᠤ ᠪᠠᠷ ᠢᠶᠠᠨ ᠬᠦᠢᠳᠡᠨᠰᠢᠯᠢ ᠶᠢᠨ | ᠲᠠᠯ᠎ᠠ ᠨᠤᠲᠤᠭ᠂ ︽ᠠᠭᠠᠷ ᠲᠠᠬᠢ ᠰᠠᠨ ᠰᠢᠶᠠ︾ ᠰᠠᠯᠬᠢᠨ ᠴᠠᠬᠢᠯᠭᠠᠨ ᠢᠶᠠᠷ ᠭᠤᠤᠯ ᠪᠤᠯᠭᠠᠭᠰᠠᠨ ᠲᠠᠯ᠎ᠠ | ᠨᠤᠲᠤᠭ ᠤᠨ ᠦᠨᠲᠦᠰᠦᠳᠡᠨ ᠤ ᠵᠠᠩ ᠦᠢᠯᠠ ᠶᠢᠨ ᠵᠤᠭᠠᠴᠠᠯ ᠤᠨ ᠵᠠᠮ ᠱᠤᠭᠤᠮ ᠵᠡᠷᠭᠡ ᠪᠠᠶᠢᠲᠠᠭ᠃ | | | ᠰᠠᠯᠬᠢ ᠰᠦᠷᠦᠨ ᠵᠤᠭᠰᠤᠭ᠎ᠠ ᠭᠠᠩᠭᠠᠩ ᠲᠡᠮᠡᠭᠡᠳ 2016 ᠤᠨ ᠳᠤ᠂ ᠵᠦᠸᠧᠽᠢ ᠰᠢᠶᠠᠨ 12.8 | ᠳ᠋ᠦᠡᠭᠰᠢᠭᠤᠷ ᠲᠦᠬᠦᠷᠢᠭ ᠪᠡᠯᠡ ᠤᠷᠤᠭᠤᠯᠵᠤ᠂ ᠦᠪᠡᠷᠮᠢᠴᠡ ᠪᠠᠶᠢᠭᠠᠯᠢ ᠶᠢᠨ ᠦᠵᠡᠮᠵᠢ ᠪᠠ ᠬᠦᠨ ᠵᠤᠵᠠᠭᠠᠨ ᠲᠡᠦᠬᠡ | ᠰᠤᠶᠤᠯ ᠳᠠᠭᠠᠨ ᠲᠦᠰᠢᠭᠯᠡᠨ ᠵᠤᠭᠠᠴᠠᠯ ᠤᠨ ᠦᠢᠯᠡᠰ ᠢ ᠴᠢᠬᠤᠯᠠᠴᠢᠯᠠᠨ ᠬᠦᠭᠵᠢᠬᠦᠯᠵᠦ᠂ ᠵᠢᠦ ᠯᠦᠩ ᠸᠠᠨ ᠤ ᠠᠮᠢ | ᠠᠬᠤᠢ ᠶᠢᠨ ᠵᠤᠭᠠᠴᠠᠯ ᠤᠨ ᠤᠷᠤᠨ᠂ ᠬᠤᠩ ᠱᠢ ᠶᠠ ᠵᠤᠭᠠᠴᠠᠯ ᠤᠨ ᠤᠷᠤᠨ ᠪᠠ ᠯᠢᠨ ᠬᠡᠦ ᠡᠷᠳᠡᠨ ᠤ | ᠪᠤᠭᠤᠮᠲᠠ ᠶᠢᠨ ᠵᠤᠭᠠᠴᠠᠯ ᠤᠨ ᠤᠷᠤᠨ ᠵᠡᠷᠭᠡ ᠭᠤᠷᠪᠠᠨ ᠵᠤᠭᠠᠴᠠᠯ ᠤᠨ ᠤᠷᠤᠨ ᠢ ᠭᠤᠤᠯᠲᠠᠯᠭ᠎ᠠ ᠪᠤᠯᠭᠠᠨ ᠪᠦᠲᠦᠭᠡᠨ | ᠪᠠᠶᠢᠭᠤᠯᠪᠡ᠃ ᠤᠲᠤ᠂ ᠲᠤᠰ ᠰᠢᠶᠠᠨ ᠨᠢ ᠶᠠᠭ ᠵᠤᠭᠠᠴᠠᠬᠰᠠᠳ ᠤᠨ ᠦᠩᠭᠡᠷᠡᠨ ᠭᠠᠷᠲᠠᠭ ᠦᠷᠳᠡᠭᠡ | ᠪᠠᠶᠢᠬᠰᠠᠨ ᠠᠴᠠ ᠪᠠᠨ ᠵᠤᠭᠠᠴᠠᠯ ᠤᠨ ᠬᠠᠷᠠᠯᠲᠠᠲᠦ ᠤᠷᠤᠨ ᠪᠤᠯᠵᠦ᠂ 2016 ᠤᠨ ᠳᠤ ᠪᠦᠬᠦ ᠵᠢᠯ ᠢᠶᠠᠷ ᠢᠶᠠᠨ 65 | ᠲᠦᠮᠡᠨ ᠬᠦᠮᠦᠨ ᠤᠲᠠᠭᠠᠨ ᠤ ᠵᠤᠭᠠᠴᠠᠭᠰᠠᠳ ᠢ ᠬᠦᠯᠢᠶᠡᠨ ᠠᠪᠴᠦ᠂ ᠵᠤᠭᠠᠴᠠᠯ ᠤᠨ ᠪᠦᠬᠦ ᠤᠷᠤᠯᠭ᠎ᠠ ᠨᠢ 9700 | ᠲᠦᠮᠡᠨ ᠲᠦᠬᠦᠷᠢᠭ ᠬᠦᠷᠴᠠᠢ᠃ | | | ᠲᠡᠮᠡᠭᠡᠨ ᠰᠤᠶᠤᠯ ᠪᠠ ᠴᠠᠰᠦ ᠮᠦᠰᠦᠨ ᠤ ᠵᠤᠭᠠᠴᠠᠯ ᠤᠨ ᠰᠤᠶᠤᠯ ᠤᠨ ᠨᠠᠶᠢᠷ ᠨᠢ ︽ᠤᠳᠤᠮᠠᠯ ᠲᠠᠬᠢᠶ᠎ᠠ ᠶᠢᠨ | ᠠᠩᠬᠢᠯᠦᠮᠡᠯ ᠦᠨᠦᠷ ᠵᠦᠸᠧᠽᠢ ᠨᠤᠲᠤᠭ ᠠᠴᠠ ᠠᠩᠬᠢᠯᠦᠨ᠂ ᠤᠯᠠᠷᠢᠯ ᠪᠦᠷᠢ ᠶᠢᠨ ᠭᠤᠶᠤ ᠦᠵᠡᠮᠵᠢ ᠬᠦᠮᠦᠰ ᠤᠨ | ᠬᠠᠷᠠᠭ᠎ᠠ ᠶᠢ ᠪᠤᠯᠢᠶᠠᠨ᠎ᠠ︾ ᠬᠡᠳᠡᠭ ᠢᠶᠠᠷ ᠭᠤᠤᠯ ᠰᠡᠳᠤᠪ ᠪᠤᠯᠭᠠᠭᠰᠠᠨ ᠨᠢ ᠵᠦᠸᠧᠽᠢ ᠰᠢᠶᠠᠨ ᠤ ᠤᠷᠤᠨ ᠨᠤᠳᠤᠭ ᠤᠨ | ᠤᠨᠴᠠᠯᠢᠭ ᠪᠠ ᠡᠬᠢ ᠪᠠᠶᠠᠯᠢᠭ ᠤᠨ ᠳᠠᠪᠠᠭᠤᠯᠢᠭ ᠢᠶᠠᠨ ᠬᠦᠭᠵᠢᠯᠳᠠ ᠶᠢᠨ ᠳᠠᠪᠠᠭᠤᠯᠢᠭ ᠪᠤᠯᠭᠠᠵᠤ ᠪᠠᠶᠢᠭ᠎ᠠ ᠶᠢᠨ | ᠪᠤᠳᠠᠳᠤ ᠢᠯᠡᠷᠡᠯ ᠪᠤᠯᠤᠨ᠎ᠠ᠃ ᠨᠢᠳᠤᠨᠤᠨ ᠠᠴᠠ ᠨᠠᠰᠢ᠂ ᠲᠤᠰ ᠰᠢᠶᠠᠨ ᠪᠦᠬᠦ᠋ᠢᠯᠡ ᠤᠷᠤᠨ ᠪᠦᠰᠡ ᠶᠢᠨ ᠵᠤᠭᠠᠴᠠᠯ ᠢ | ᠬᠦᠭᠵᠢᠭᠦᠯᠭᠦ᠂ ᠲᠦᠷᠪᠡᠨ ᠤᠯᠠᠷᠢᠯ ᠤᠨ ᠵᠤᠭᠠᠴᠠᠯ ᠢ ᠬᠦᠭᠵᠢᠭᠦᠯᠭᠦ ᠪᠤᠯᠤᠨ ︽ᠵᠤᠭᠠᠴᠠᠯ +︾ ᠪᠠᠶᠢᠯᠳᠤᠬᠤ | ᠪᠤᠳᠤᠯᠭ᠎ᠠ ᠶᠢ ᠬᠡᠷᠡᠭᠵᠢᠭᠦᠯᠭᠦ ᠵᠠᠪᠤᠴᠠ ᠳᠠᠭᠠᠨ᠂ ᠵᠦᠸᠧᠽᠢ ᠰᠢᠶᠠᠨ ︽ᠤᠯᠤᠰ ᠤᠨ ᠪᠦᠬᠦ᠋ᠢᠯᠡ ᠤᠷᠤᠨ ᠪᠦᠰᠡ ᠶᠢᠨ | ᠵᠤᠭᠠᠴᠠᠯ ᠤᠨ ᠵᠢᠱᠢᠶ᠎ᠠ ᠦᠵᠡᠭᠦᠯᠬᠦ ᠰᠢᠶᠠᠨ︾ ᠢ ᠪᠦᠲᠦᠭᠡᠨ ᠪᠠᠶᠢᠭᠤᠯᠬᠤ ᠠᠬᠢᠴᠠ ᠪᠠᠨ ᠲᠦᠷᠭᠡᠳᠭᠡᠨ᠂ | ᠵᠤᠭᠠᠴᠠᠯ ᠤᠨ ᠭᠦᠭᠵᠢᠯᠲᠡ ᠶᠢᠨ ᠬᠡᠯᠪᠡᠷᠢ ᠳᠡᠭᠡᠨ ᠲᠠᠰᠤᠷᠠᠯᠲᠠ ᠦᠬᠡᠢ ᠰᠢᠨ᠎ᠡ ᠶᠢ ᠡᠬᠦᠳᠴᠦ᠂ ᠵᠤᠭᠠᠴᠠᠯ ᠤᠨ | ᠨᠠᠶᠢᠷ ᠤᠨ ᠰᠢᠨ᠎ᠠ ᠲᠦᠷᠤᠯ ᠲᠡᠮᠳᠡᠭ ᠢ ᠡᠭᠦᠳᠴᠤ᠂ ᠤᠯᠠᠨ ᠲᠦᠮᠡᠨ ᠤ ᠵᠤᠭᠠᠴᠠᠯ ᠤᠨ ᠰᠢᠨ᠎ᠠ ᠱᠠᠭᠠᠷᠳᠠᠯᠭ᠎ᠠ ᠳᠤ | ᠵᠤᠬᠢᠴᠠᠭᠤᠯᠬᠤ ᠪᠠᠷ ᠴᠢᠷᠮᠠᠶᠢᠬᠰᠠᠭᠠᠷ ᠢᠷᠡᠭᠰᠡᠨ ᠰᠠᠨ᠃ | | | | ᠨᠢᠳᠤᠨᠤᠨ ᠠᠴᠠ ᠨᠠᠰᠢ᠂ ᠵᠦᠸᠧᠽᠢ ᠰᠢᠶᠠᠨ ᠤ ᠨᠠᠮ ᠤᠨ ᠬᠤᠷᠢᠶ ᠠ ᠵᠠᠰᠠᠭ ᠤᠨ ᠤᠷᠳᠤᠨ ᠵᠤᠭᠠᠴᠠᠯ ᠤᠨ | ᠬᠦᠭᠵᠢᠯᠳᠡ ᠶᠢ ᠠᠵᠤ ᠠᠬᠤᠢ ᠶᠢᠨ ᠨᠡᠮᠡᠭᠳᠡᠯ ᠤᠨ ᠢᠶᠠᠨ ᠰᠢᠨ᠎ᠠ ᠬᠦᠳᠡᠯᠭᠡᠭᠦ ᠬᠦᠴᠦᠨ ᠪᠤᠯᠭᠠᠬᠤ᠂ ᠬᠡᠯᠪᠠᠷᠢ ᠪᠠᠨ | ᠬᠤᠪᠢᠷᠠᠭᠤᠯᠤᠨ ᠲᠡᠰ ᠲᠠᠪᠰᠢᠬᠦᠯᠭᠦ ᠶᠢᠨ ᠲᠤᠯᠭᠠᠭᠤᠷᠢ ᠬᠦᠴᠦᠨ ᠪᠤᠯᠭᠠᠬᠤ᠂ ᠤᠢᠢᠯᠡᠰ ᠪᠤᠰᠬᠠᠨ ᠠᠷᠠᠳ ᠢ | ᠪᠠᠶᠠᠵᠢᠭᠤᠯᠬᠤ ᠰᠢᠨ᠎ᠠ ᠲᠠᠪᠠᠭᠤᠯᠢᠭ ᠪᠤᠯᠭᠠᠬᠤ ᠶᠢ ᠪᠠᠷᠢᠮᠳᠠᠯᠠᠨ᠂ ᠪᠦᠬᠦ᠋ᠢᠯᠡ ᠤᠷᠤᠨ ᠪᠦᠰᠡ ᠶᠢᠨ ᠵᠤᠭᠠᠴᠠᠯ᠂ | ᠲᠦᠷᠪᠡᠨ ᠤᠯᠠᠷᠢᠯ ᠤᠨ ᠵᠤᠭᠠᠴᠠᠯ ᠤᠨ ᠬᠦᠭᠵᠢᠯᠲᠡ ᠶᠢᠨ ᠪᠠᠶᠢᠯᠲᠤᠬᠤ ᠪᠤᠳᠤᠯᠭ᠎ᠠ ᠶᠢ ᠲᠤᠭᠳᠠᠭᠠᠵᠤ᠂ ᠤᠨᠴᠠᠯᠢᠭᠲᠤ | ᠰᠤᠶᠤᠯ ᠢᠷᠭᠡᠨᠰᠢᠯ᠂ ᠪᠠᠶᠢᠭᠠᠯᠢ ᠶᠢᠨ ᠦᠵᠡᠮᠵᠢ᠂ ᠠᠮᠢ ᠠᠬᠤᠢ ᠪᠤᠯᠤᠨ ᠤᠷᠤᠨ ᠪᠠᠶᠢᠷᠢᠰᠢᠯ ᠤᠨ ᠲᠠᠪᠠᠭᠤᠯᠢᠭ ᠢᠶᠠᠨ | ᠬᠦᠢᠴᠡᠳ ᠪᠠᠳᠠᠷᠠᠭᠤᠯᠵᠤ᠂ ︽ᠲᠠᠪᠠᠯᠭᠠᠯᠠᠨ ᠤᠷᠤᠰᠬᠤ ᠲᠦᠷᠭᠡᠨ ᠭᠤᠤᠯ᠂ ᠦᠵᠡᠮᠵᠢᠲᠤ ᠰᠠᠶᠢᠬᠠ ᠨᠤᠭᠤᠭᠠᠨ | ᠬᠤᠨᠭ᠍ᠬᠢᠯ᠂ ᠪᠡᠶ᠎ᠠ ᠰᠡᠳᠬᠢᠯ ᠢᠶᠠᠨ ᠰᠤᠪᠢᠯᠠᠬᠤ ᠤᠷᠤᠨ᠂ ᠰᠤᠶᠤᠯᠲᠤ ᠵᠦᠸᠧᠽᠢ ᠱᠠᠨ︾ ᠬᠡᠬᠦ ᠲᠦᠷᠪᠡᠨ | ᠭᠦᠭᠵᠢᠯᠲᠡ ᠶᠢᠨ ᠪᠠᠶᠢᠷᠢ ᠲᠤᠭᠳᠠᠭᠠᠯᠲᠠ ᠶᠢ ᠲᠤᠷᠠᠳᠴᠤ᠂ ︽ᠤᠯᠤᠰ ᠤᠨ ᠪᠦᠬᠦ᠋ᠢᠯᠡ ᠤᠷᠤᠨ ᠪᠦᠰᠡ ᠶᠢᠨ | ᠵᠤᠭᠠᠴᠠᠯ ᠤᠨ ᠵᠢᠱᠢᠶ᠎ᠠ ᠦᠵᠡᠭᠦᠯᠬᠦ ᠰᠢᠶᠠᠨ︾ ᠢ ᠪᠦᠲᠦᠭᠡᠨ ᠪᠠᠶᠢᠭᠤᠯᠬᠤ ᠪᠠᠷ ᠴᠢᠷᠮᠠᠶᠢᠵᠤ ᠡᠬᠢᠯᠡᠭᠰᠡᠨ ᠪᠠᠶᠢᠨ᠎ᠠ᠃ | ᠤᠳᠤᠬᠠᠨ ᠳᠤ ᠲᠤᠰ ᠰᠢᠶᠠᠨ ᠨᠢ᠂ ᠯᠦᠡᠭ ᠱᠸᠡᠭ ᠤᠯᠤᠰ ᠤᠨ ᠤᠢ ᠰᠢᠭᠤᠢ ᠶᠢᠨ ᠴᠡᠴᠡᠷᠯᠢᠭ ᠪᠠ ᠬᠤᠨᠭ᠌ ᠱᠢ ᠶᠠ | ᠤᠯᠤᠰ ᠤᠨ ᠠᠮᠢ ᠠᠬᠤᠢ ᠶᠢᠨ ᠴᠠᠴᠡᠷᠯᠢᠭ ᠤᠨ ᠪᠦᠳᠦᠭᠡᠨ ᠪᠠᠶᠢᠭᠤᠯᠤᠯᠳᠠ ᠶᠢᠨ ᠠᠵᠢᠯ ᠢᠶᠠᠨ ᠨᠢᠭᠡᠨᠳᠠ ᠲᠠᠭᠤᠰᠬᠠᠵᠤ | ᠂ ᠪᠦᠬᠦ ᠰᠢᠶᠠᠨ ᠳᠤ 4A ᠲᠡᠰ ᠤᠨ ᠵᠤᠭᠠᠴᠠᠯ ᠤᠨ ᠤᠷᠤᠨ ᠨᠢᠭᠡᠨᠳᠡ 3 ᠪᠤᠯᠵᠤ᠂ ᠲᠠᠷᠢᠶᠠᠴᠢᠨ ᠠᠶᠢᠯ ᠤᠨ | ᠤᠨᠴᠠᠯᠢᠭᠲᠤ ᠵᠤᠭᠠᠴᠠᠯ ᠤᠨ ᠵᠢᠱᠢᠶ᠎ᠠ ᠦᠵᠡᠭᠦᠯᠬᠦ ᠲᠤᠰᠬᠤᠨ ᠢ 20 ᠭᠠᠷᠤᠢ ᠬᠦᠭᠵᠢᠭᠦᠯᠵᠤ᠂ ᠵᠤᠭᠠᠴᠠᠯ ᠤᠨ ᠵᠢᠱᠢᠶ | ᠠ ᠦᠵᠡᠭᠦᠯᠬᠦ ᠴᠢᠭ᠋ ᠢ 50 ᠭᠠᠷᠤᠢ ᠪᠦᠲᠦᠭᠡᠨ ᠪᠠᠶᠢᠭᠤᠯᠤᠬᠰᠠᠨ ᠪᠠᠶᠢᠨ᠎ᠠ᠃ |