ᠵᠦᠸᠧᠽᠢ ᠰᠢᠶᠡᠨ ᠤ ᠴᠠᠬᠠᠷ ᠬᠦᠪᠡᠭᠡᠲᠦ ᠬᠦᠬᠡ ᠬᠤᠰᠢᠭᠤᠨ ᠤ ᠦᠨᠳᠤᠰᠤᠲᠡᠨ ᠤ ᠵᠠᠩ ᠰᠤᠶᠤᠯ ᠤᠨ ᠬᠦᠷᠢᠶᠡᠯᠡᠩ
ᠨᠡᠶᠢᠲᠡᠯᠡᠭᠰᠡᠨ ᠴᠠᠭ᠄
2018-04-19

    ᠵᠦᠸᠧᠽᠢ ᠰᠢᠶᠡᠨ ᠤ ᠴᠠᠬᠠᠷ ᠬᠦᠪᠡᠭᠡᠲᠦ ᠬᠦᠬᠡ ᠬᠤᠰᠢᠭᠤᠨ ᠤ ᠦᠨᠳᠤᠰᠤᠲᠡᠨ ᠤ ᠵᠠᠩ ᠰᠤᠶᠤᠯ ᠤᠨ

ᠬᠦᠷᠢᠶᠡᠯᠡᠩ ᠨᠢ ᠵᠦᠸᠧᠽᠢ ᠰᠢᠶᠡᠨ ᠤ ᠵᠦᠸᠧᠽᠢ ᠱᠠᠨ ᠪᠠᠯᠭᠠᠰᠤᠨ ᠤ ᠪᠤᠦ ᠪᠠᠢ ᠭᠧᠦ ᠲᠤᠰᠬᠤᠨ ᠳᠤ ᠪᠠᠶᠢᠷᠢᠯᠠᠵᠤ

ᠪᠠᠶᠢᠨ᠎ᠠ᠃ ᠡᠨᠡ ᠪᠣᠯ ᠮᠠᠨᠵᠤ ᠦᠶ᠎ᠡ ᠶᠢᠨ ᠴᠠᠬᠠᠷ ᠨᠠᠶᠢᠮᠠᠨ ᠬᠤᠰᠢᠭᠤᠨ ᠤ ᠬᠦᠪᠡᠭᠡᠲᠦ ᠬᠦᠬᠡ ᠬᠤᠰᠢᠭᠤᠨ ᠠᠮᠪᠠᠨ ᠤ

ᠰᠠᠭᠤᠭ᠎ᠠ ᠭᠠᠵᠠᠷ ᠪᠢᠯᠡ᠃ ᠦᠨᠤ ᠬᠤᠰᠢᠭᠤᠨ ᠠᠮᠪᠠᠨ ᠶᠠᠮᠤᠨ ᠤ ᠲᠡᠤᠬᠡᠲᠦ ᠦᠯᠡᠳᠡᠭᠳᠡᠯ ᠬᠠᠭᠤᠴᠢᠳ ᠵᠢᠴᠢ ᠲᠡᠤᠬᠡ

ᠰᠤᠶᠤᠯ ᠵᠠᠩ ᠤᠶᠢᠯᠡ  ᠂ ᠠᠭᠤᠯᠠ ᠤᠰᠤ᠂ ᠪᠤᠷᠬᠠᠨ ᠱᠠᠰᠢᠨ ᠰᠦᠮ᠎ᠡ ᠭᠡᠶᠢᠳ ᠪᠤᠯᠤᠨ ᠾᠧ ᠯᠦᠩ ᠤᠨ ᠳᠠᠶᠢᠨ

ᠵᠢᠯᠤᠭᠤᠳᠬᠤ ᠬᠠᠭᠤᠴᠢᠨ ᠪᠠᠭᠤᠷᠢ ᠵᠡᠷᠭᠡ ᠪᠠᠶᠢᠭᠠᠯᠢ ᠬᠦᠮᠦᠨ ᠰᠤᠶᠤᠯ ᠤᠨ ᠳᠠᠪᠠᠭᠤᠯᠢᠭ ᠡᠬᠢ ᠪᠠᠶᠠᠯᠢᠭ ᠲᠤ

ᠳᠦᠰᠢᠭᠯᠡᠨ ᠦᠨᠳᠤᠰᠤᠲᠡᠨ ᠤ ᠵᠠᠩ ᠤᠶᠢᠯᠡ᠂ ᠬᠦᠳᠡᠭᠡ ᠲᠤᠰᠬᠤᠨ ᠤ ᠰᠤᠶᠤᠯ᠂ ᠤᠯᠠᠭᠠᠨ ᠤ ᠰᠤᠶᠤᠯ᠂ ᠱᠠᠰᠢᠨ

ᠰᠤᠷᠲᠠᠬᠤᠨ ᠤ ᠰᠤᠶᠤᠯ ᠵᠡᠷᠭᠡ ᠤᠯᠠᠨ ᠤᠨᠴᠡᠯᠢᠭᠲᠦ ᠰᠤᠶᠤᠯ ᠲᠦᠪᠯᠡᠷᠡᠭ᠌ᠰᠠᠨ ᠲᠤᠰᠬᠤᠨ ᠤ ᠵᠢᠭᠤᠯᠴᠢᠯᠠᠯ ᠤᠨ

ᠪᠦᠬᠦᠯᠢ ᠴᠤᠭᠴᠠ ᠶᠢ ᠪᠦᠲᠦᠭᠡᠨ ᠪᠠᠶᠢᠭᠤᠯᠬᠤ ᠪᠠᠷ ᠪᠠᠶᠢᠨ᠎ᠠ᠃

    ᠲᠤᠰ ᠵᠢᠭᠤᠯᠴᠢᠯᠠᠯ ᠤᠨ ᠭᠠᠵᠠᠷ ᠢ ᠵᠦᠸᠧᠽᠢ ᠰᠢᠶᠡᠨ ᠤ ᠬᠦᠪᠡᠭᠡᠲᠦ ᠬᠦᠬᠡ ᠬᠤᠰᠢᠭᠤ ᠤᠨ ᠦᠨᠳᠤᠰᠤᠲᠡᠨ ᠤ

ᠵᠠᠩ ᠤᠶᠢᠯᠡ ᠰᠤᠶᠤᠯ  ᠬᠢᠵᠠᠭᠠᠷᠲᠦ ᠺᠤᠮᠫᠠᠨᠢ ᠠᠴᠠ ᠪᠡᠯᠡ ᠤᠷᠤᠭᠤᠯᠤᠨ ᠪᠦᠲᠦᠭᠡᠨ   ᠪᠠᠶᠢᠭᠤᠯᠤᠨ᠎ᠠ᠃ ᠶᠡᠷᠦᠩᠬᠡᠢ

ᠲᠦᠰᠦᠪ ᠲᠤ   ᠪᠡᠯᠡ ᠤᠷᠤᠭᠤᠯᠤᠯᠲᠠ   ᠨᠢ 2.45 ᠳ᠋ᠦᠩᠰᠢᠭᠤᠷ ᠲᠦᠭᠦᠷᠢᠭ᠂ ᠶᠡᠷᠦᠩᠬᠡᠢ ᠪᠠᠶᠢᠷᠢᠯᠠᠯ ᠨᠢ

“ ᠲᠠᠪᠤᠨ   ᠲᠤᠭᠤᠷᠢᠭ ᠨᠢᠭᠡ ᠲᠡᠩᠭᠡᠯᠢᠭ ᠬᠤᠶᠠᠷ ᠰᠢᠰᠲ᠋ᠧᠮ ”᠃ ᠳᠠᠷᠤᠢ ᠲᠦᠪ ᠤᠶᠢᠯᠡᠴᠢᠯᠡᠭᠡᠨ ᠤ ᠲᠦᠪ᠂

ᠡᠷᠲᠡᠨ ᠤ ᠲᠤᠰᠬᠤᠨ ᠰᠤᠶᠤᠯ ᠤᠨ ᠪᠡᠶᠡᠳᠡᠨ ᠤᠶᠢᠯᠭᠠᠬᠤ ᠲᠤᠭᠤᠷᠢᠭ᠂ ᠤᠯᠠᠭᠠᠨ ᠤ ᠰᠤᠶᠤᠯ ᠤᠨ ᠪᠡᠶᠡᠳᠡᠨ

ᠤᠶᠢᠯᠭᠠᠬᠤ ᠲᠤᠭᠤᠷᠢᠭ  ᠂ ᠪᠦᠲᠤᠭᠡᠯᠴᠢ ᠪᠤᠳᠤᠯ ᠤᠨ ᠰᠤᠶᠤᠯ ᠤᠨ ᠵᠤᠭᠠᠴᠠᠬᠤ ᠲᠤᠭᠤᠷᠢᠭ᠂ ᠱᠠᠰᠢᠨ

ᠰᠤᠷᠲᠠᠬᠤᠨ ᠤ ᠰᠤᠶᠤᠯ ᠤᠨ ᠪᠡᠶᠡᠳᠡᠨ ᠤᠶᠢᠯᠭᠠᠬᠤ ᠲᠤᠭᠤᠷᠢᠭ᠂ ᠠᠶᠠᠯᠠᠯ ᠵᠢᠭᠤᠯᠴᠢᠯᠠᠯ ᠤᠨ ᠬᠦᠭᠵᠢᠯᠲᠡ ᠶᠢᠨ

ᠲᠡᠩᠭᠡᠯᠢᠭ᠂ ᠶᠠᠪᠠᠭᠠᠨ ᠶᠠᠪᠤᠬᠤ ᠰᠢᠰᠲ᠋ᠧᠮ᠂ ᠤᠨᠤᠵᠤ ᠶᠠᠪᠤᠬᠤ ᠰᠢᠰᠲ᠋ᠧᠮ ᠵᠡᠷᠭᠡ᠃

    ᠪᠦᠬᠦ ᠲᠦᠷᠦᠯ ᠵᠤᠶᠢᠯ ᠨᠢ ᠤᠶᠢᠷ᠎ᠠ᠂ ᠳᠤᠮᠳᠠᠳᠤ᠂ ᠬᠤᠯᠠ ᠬᠤᠭᠤᠴᠠᠭᠠᠨ ᠤ ᠭᠤᠷᠪᠠᠨ ᠠᠯᠬᠤᠮ ᠲᠠᠢ

ᠶᠠᠪᠤᠭᠳᠠᠵᠤ᠂ ᠨᠡᠶᠢᠲᠡ 15 ᠵᠢᠯ ᠤᠨ   ᠬᠤᠭᠤᠴᠠᠭ᠎ᠠ ᠲᠠᠢ᠂ 2030 ᠤᠨ ᠳᠤ ᠪᠦᠬᠦᠲᠡ ᠠᠵᠢᠯ ᠳᠠᠭᠤᠰᠠᠨ᠎ᠠ᠃

    ᠨᠢᠭᠡᠳᠤᠭᠡᠷ ᠠᠯᠬᠤᠮ᠄ (2015-2020 ᠤᠨ ) ᠶᠡᠷᠦᠩᠬᠡᠢ ᠪᠡᠯᠡ ᠤᠷᠤᠭᠤᠯᠤᠯᠲᠠ 1.03 ᠳ᠋ᠦᠩᠰᠢᠭᠤᠷ

ᠲᠦᠭᠦᠷᠢᠭ᠂   ᠭᠤᠤᠯᠳᠠᠭᠤ ᠦᠯᠵᠡᠶᠢᠲᠦ ᠰᠦᠮ᠎ᠡ᠂ ᠵᠠᠩ ᠤᠶᠢᠯᠡ ᠶᠢᠨ ᠮᠦᠽᠸᠢ᠂ ᠾᠧ ᠯᠦᠩ ᠤᠨ ᠳᠠᠶᠢᠨ

ᠵᠢᠯᠤᠭᠤᠳᠬᠤ ᠬᠠᠭᠤᠴᠢᠨ ᠪᠠᠭᠤᠷᠢ   ᠵᠢᠴᠢ ᠳᠤᠷᠠᠰᠬᠠᠯ ᠤᠨ ᠤᠷᠳᠤᠨ᠂ ᠬᠦᠯᠢᠶᠡᠨ ᠵᠤᠴᠢᠯᠠᠬᠤ ᠲᠦᠪ᠂ ᠲᠡᠷᠭᠡᠨ ᠤ

ᠵᠤᠭᠰᠤᠭᠠᠯ᠂ ᠶᠡᠭᠡ ᠡᠭᠦᠳᠡ ᠵᠡᠷᠭᠡ ᠪᠠᠭᠲᠠᠨ᠎ᠠ᠃

    ᠬᠤᠶᠡᠳᠤᠭᠠᠷ ᠠᠯᠬᠤᠮ᠄ (2021-2025 ᠤᠨ ) ᠶᠡᠷᠦᠩᠬᠡᠢ ᠪᠡᠯᠡ ᠤᠷᠤᠭᠤᠯᠤᠯᠲᠠ 0.64 ᠳ᠋ᠦᠩᠰᠢᠭᠤᠷ

ᠲᠦᠭᠦᠷᠢᠭ᠂ ᠭᠤᠤᠯᠳᠠᠭᠤ ᠬᠦᠪᠡᠭᠡᠲᠦ ᠬᠦᠬᠡ ᠬᠤᠰᠢᠭᠤᠨ ᠠᠮᠪᠠᠨ ᠤ ᠶᠠᠮᠤᠨ᠂ ᠬᠦᠯᠢᠶᠡᠨ ᠵᠤᠴᠢᠯᠠᠬᠤ ᠲᠦᠪ  ᠂

ᠮᠤᠩᠭᠤᠯ ᠦᠨᠳᠤᠰᠤᠲᠡᠨ ᠤ ᠵᠠᠩ ᠤᠶᠢᠯᠡ ᠶᠢᠨ ᠬᠦᠷᠢᠶᠡᠯᠡᠩ᠂ ᠵᠢᠭᠠᠰᠤ ᠬᠦᠬᠢᠳᠡᠬᠦ ᠬᠦᠷᠢᠶᠡᠯᠡᠩ᠂ ᠮᠣᠷᠢ ᠤᠨᠤᠬᠤ

ᠭᠠᠵᠠᠷ᠂ ᠰᠤᠷ ᠬᠠᠷᠪᠤᠬᠤ ᠭᠠᠵᠠᠷ᠂ ᠾᠧ ᠯᠦᠩ ᠤᠨ ᠳᠠᠶᠢᠨ ᠵᠢᠯᠤᠭᠤᠳᠬᠤ ᠬᠠᠭᠤᠴᠢᠨ ᠪᠠᠭᠤᠷᠢ   ᠵᠢᠴᠢ

ᠳᠤᠷᠠᠰᠬᠠᠯ ᠤᠨ ᠤᠷᠳᠤᠨ᠂ ᠪᠦᠲᠤᠭᠡᠯᠴᠢ ᠪᠤᠳᠤᠯ ᠲᠠᠢ ᠲᠡᠷᠢᠶᠠᠯᠠᠩ ᠤᠨ ᠲᠦᠬᠦᠭᠡᠷᠤᠮᠵᠢ ᠵᠡᠷᠭᠡ ᠪᠠᠭᠲᠠᠨ᠎ᠠ᠃

    ᠭᠤᠷᠪᠠᠳᠤᠭᠠᠷ ᠠᠯᠬᠤᠮ᠄ (2026-2030 ᠤᠨ ) ᠶᠡᠷᠦᠩᠬᠡᠢ ᠪᠡᠯᠡ ᠤᠷᠤᠭᠤᠯᠤᠯᠲᠠ 0.78

ᠳ᠋ᠦᠩᠰᠢᠭᠤᠷ ᠲᠦᠭᠦᠷᠢᠭ  ᠂ ᠭᠤᠤᠯᠳᠠᠭᠤ   ᠡᠷᠲᠡᠨ ᠤ ᠲᠤᠰᠬᠤᠨ ᠤ ᠦᠭᠡᠷᠡᠴᠢᠯᠡᠬᠦ᠂ ᠮᠣᠷᠢ ᠤᠨᠤᠬᠤ ᠭᠠᠵᠠᠷ᠂

ᠰᠤᠷ ᠬᠠᠷᠪᠤᠬᠤ ᠭᠠᠵᠠᠷ ᠤᠨ ᠤᠯᠠᠮ ᠪᠦᠷᠢᠨ ᠭᠦᠢᠴᠡᠳ ᠪᠤᠯᠭᠠᠬᠤ᠂ ᠲᠡᠷᠭᠡᠨ ᠤ ᠵᠤᠭᠰᠤᠭᠠᠯ ᠵᠢᠴᠢ ᠵᠠᠮ  

ᠨᠡᠪᠲᠡᠷᠡᠭᠦᠯᠭᠡ᠂ “   ᠵᠡᠭᠦᠳᠡᠨ ᠲᠠᠬᠢ ᠴᠢᠩ ᠤᠯᠤᠰ ” ᠵᠢᠩᠬᠢᠨᠢ ᠦᠵᠡᠮᠵᠢᠲᠦ ᠲᠤᠭᠯᠠᠯᠲᠠ᠃

 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号