ᠳᠠᠭᠠᠷᠠᠭᠰᠠᠨ ᠦᠶᠡᠰ ᠭᠠᠯ ᠳᠤ ᠡᠭᠡᠭᠡᠵᠦ ᠪᠣᠯᠬᠤ ᠦᠭᠡᠢ | ᠭᠠᠯ ᠬᠦᠯ ᠶᠠᠩᠭᠢᠨᠡᠵᠦ ᠳᠠᠭᠠᠷᠠᠭᠰᠠᠨ ᠦᠶᠡᠰ ᠭᠠᠯ ᠳᠡᠭᠡᠷ᠎ᠠ ᠡᠭᠡᠭᠡᠵᠦ ᠳᠤᠯᠠᠭᠠᠴᠠᠬᠤ ᠨᠢ ᠵᠣᠬᠢᠰ ᠲᠠᠢ ᠰᠢᠭ᠋ | ᠪᠣᠯᠪᠠᠴᠤ ᠢᠩᠬᠢᠵᠦ ᠪᠣᠯᠳᠠᠭ ᠦᠭᠡᠢ᠃ ᠤᠴᠢᠷ ᠨᠢ ᠡᠪᠦᠯ ᠭᠠᠷ ᠬᠦᠯ ᠢᠶᠠᠨ ᠭᠠᠳᠠᠨ᠎ᠠ ᠤᠳᠠᠭᠠᠨ ᠪᠠᠶᠢᠯᠭᠠᠪᠠᠯ᠂ | ᠴᠢᠰᠤᠨ ᠰᠤᠳᠠᠯ ᠠᠪᠴᠢᠵᠦ ᠴᠢᠰᠤᠨ ᠬᠦᠶᠦᠳᠡᠯ ᠤᠳᠠᠭᠠᠰᠢᠷᠠᠨ᠎ᠠ᠂ ᠡᠨᠡ ᠦᠶ᠎ᠡ ᠳᠤ ᠬᠡᠷᠪᠡ ᠳᠣᠣᠷ᠎ᠠ ᠨᠢ ᠭᠠᠯ ᠳᠤ | ᠡᠭᠡᠭᠡᠪᠡᠯ ᠴᠢᠰᠤᠨ ᠰᠤᠳᠠᠯ ᠮᠢᠨᠴᠦᠭᠦᠷᠡᠵᠦ᠂ ᠠᠪᠴᠢᠬᠤ ᠴᠢᠳᠠᠯ ᠢᠶᠠᠨ ᠠᠯᠳᠠᠨ᠂ ᠯᠤᠭᠰᠢᠭᠤᠨ ᠰᠤᠳᠠᠯ ᠳᠤ ᠴᠢᠰᠤ | ᠪᠦᠭᠯᠡᠷᠡᠵᠦ᠂ ᠬᠢᠯᠭᠠᠰᠤᠨ ᠰᠤᠳᠠᠯ ᠲᠡᠯᠡᠵᠦ᠂ ᠨᠡᠪᠴᠢᠬᠦ ᠴᠢᠨᠠᠷ ᠨᠢ ᠴᠢᠩᠭᠠᠷᠠᠵᠤ᠂ ᠭᠡᠰᠡᠭ ᠭᠠᠵᠠᠷ ᠲᠤ ᠴᠢᠰᠤ | ᠬᠤᠷᠠᠨ᠎ᠠ᠃ ᠬᠦᠩᠭᠡᠨ ᠳᠡᠭᠡᠨ ᠬᠦᠯᠳᠡᠭᠰᠡᠨ ᠰᠤᠷᠪᠢ ᠦᠯᠡᠳᠡᠵᠦ᠂ ᠬᠦᠨᠳᠦ ᠳᠡᠭᠡᠨ ᠨᠡᠭᠡᠳᠡᠰᠦ ᠨᠢ ᠦᠬᠦᠴᠢᠨᠠ᠃ | ᠲᠡᠶᠢᠮᠦ ᠠᠴᠠ ᠬᠦᠯᠳᠡᠭᠰᠡᠨ ᠭᠠᠷ ᠭᠦᠯ ᠢ ᠬᠦᠩᠭᠡᠭᠡᠨ ᠨᠤᠬᠤᠯᠠᠨ ᠱᠦᠷᠭᠦᠭᠡᠵᠦ ᠪᠠᠶᠢᠭᠠᠳ ᠠᠭᠠᠵᠢᠮ ᠢᠶᠠᠷ | ᠳᠤᠯᠠᠭᠠᠴᠠᠭᠤᠯᠤᠨ᠎ᠠ᠃ | ᠤᠷᠤᠭᠤᠯ ᠬᠠᠳᠠᠭᠰᠠᠨ ᠴᠤ ᠳᠣᠯᠢᠶᠠᠵᠦ ᠪᠣᠯᠬᠤ ᠦᠭᠡᠢ | ᠡᠪᠦᠯ ᠤᠨ ᠴᠠᠭ ᠲᠤ ᠤᠷᠤᠭᠤᠯ ᠬᠠᠲᠠᠪᠠᠯ ᠬᠡᠯᠡ ᠪᠠᠷ ᠢᠶᠠᠨ ᠳᠣᠯᠢᠶᠠᠵᠦ ᠨᠣᠷᠭᠠᠵᠤ ᠪᠣᠯᠬᠤ ᠦᠭᠡᠢ᠃ | ᠤᠴᠢᠷ ᠨᠢ ᠰᠢᠯᠦᠰᠦ ᠪᠣᠯ ᠰᠢᠯᠦᠰᠦᠨ ᠪᠣᠯᠴᠢᠷᠬᠠᠢ ᠠᠴᠠ ᠰᠢᠭᠦᠷᠡᠵᠦ᠂ ᠠᠮᠠᠨ ᠤ ᠬᠦᠨᠳᠡᠢ ᠶᠢ ᠨᠦᠢᠲᠠᠨ ᠪᠣᠯᠭᠠᠬᠤ | ᠪᠠ ᠢᠳᠡᠰᠢ ᠰᠢᠩᠭᠡᠭᠡᠬᠦ ᠳᠤ ᠭᠡᠷᠡᠭ ᠲᠠᠢ ᠪᠠᠶᠢᠵᠤ᠂ ᠲᠡᠭᠦᠨ ᠤ ᠳᠣᠲᠤᠷ᠎ᠠ ᠴᠠᠷᠳᠠᠭᠤᠯ ᠤᠨ ᠢᠰᠭᠡᠭᠦᠷ ᠮᠡᠲᠦ ᠶᠢᠨ | ᠪᠣᠳᠠᠰ ᠠᠭᠤᠯᠤᠭᠳᠠᠵᠤ ᠨᠢᠯᠴᠠᠭᠠᠶᠢᠪᠲᠦᠷ ᠪᠠᠶᠢᠳᠠᠭ᠃ ᠤᠷᠤᠭᠤᠯ ᠢᠶᠠᠨ ᠳᠣᠯᠢᠶᠠᠬᠤ ᠳᠤ ᠶᠠᠭ ᠨᠢᠭᠡᠨ ᠳᠠᠪᠬᠤᠷ | ᠨᠠᠭᠠᠯᠲᠠ ᠲᠦᠷᠬᠢᠭᠰᠡᠨ ᠰᠢᠭ ᠪᠣᠯᠵᠤ᠂ ᠰᠠᠯᠬᠢᠨ ᠦᠵᠡᠪᠡᠯ ᠤᠰᠤ ᠨᠢ ᠠᠭᠤᠷᠰᠢᠵᠦ ᠴᠠᠷᠳᠠᠭᠤᠯ ᠤᠨ ᠢᠰᠭᠡᠭᠦᠷ ᠨᠢ | ᠤᠷᠤᠭᠤᠯ ᠳᠡᠭᠡᠷ᠎ᠡ ᠨᠠᠭᠠᠯᠳᠤᠵᠦ ᠨᠡᠩ ᠬᠡᠴᠡᠭᠦᠦ ᠬᠠᠳᠠᠨ᠎ᠠ᠂ ᠴᠢᠨᠠᠭᠰᠢᠯᠠᠪᠠᠯ ᠤᠷᠤᠭᠤᠯ ᠬᠠᠨᠭᠠᠷᠠᠨ ᠴᠢᠰᠦ ᠭᠠᠷᠴᠤ᠂ | ᠢᠳᠡᠭᠡ ᠰᠢᠭᠦᠰᠦ ᠭᠠᠷᠤᠨ᠎ᠠ᠃ ᠡᠶᠢᠮᠦ ᠠᠴᠠ ᠤᠷᠤᠭᠤᠯ ᠬᠠᠭᠠᠷᠠᠬᠤ ᠦᠶᠡᠰ᠂ ᠪᠦᠯᠢᠶᠡᠨ ᠤᠰᠤ ᠪᠠᠷ ᠰᠠᠶᠢᠲᠤᠷ | ᠤᠬᠢᠶᠠᠵᠦ ᠴᠡᠪᠡᠷᠯᠡᠨ ᠡᠩᠭᠡᠰᠭᠡ ᠪᠣᠶᠤ ᠤᠷᠤᠭᠤᠯ ᠤᠨ ᠳᠤᠰᠤ ᠲᠦᠷᠬᠢᠨ᠎ᠡ᠃ ᠪᠠᠰᠠ ᠶᠡᠷᠦ ᠳᠡᠭᠡᠨ ᠪᠤᠴᠠᠯᠤᠭᠰᠠᠨ | ᠤᠰᠤ ᠠᠷᠪᠢᠨ ᠤᠤᠭᠤᠵᠦ ᠬᠦᠭᠡ ᠨᠣᠭᠤᠭ᠎ᠠ ᠵᠢᠮᠢᠰ ᠠᠷᠪᠢᠨ ᠢᠳᠡᠪᠡᠯ ᠵᠣᠬᠢᠨ᠎ᠠ᠃ | ᠵᠠᠭᠠᠲᠤᠨᠠᠭᠰᠠᠨ ᠴᠤ ᠮᠡᠭᠠᠵᠢᠵᠦ ᠪᠣᠯᠬᠤ ᠦᠭᠡᠢ | ᠡᠪᠦᠯ ᠤᠨ ᠠᠭᠤᠷ ᠠᠮᠢᠰᠬᠤᠯ ᠬᠠᠭᠤᠷᠡᠢ ᠠᠴᠠ ᠪᠣᠯᠵᠤ ᠪᠦᠬᠦ ᠪᠡᠶ᠎ᠡ ᠵᠠᠭᠠᠲᠤᠨᠠᠳᠠᠭ ᠶᠤᠮ᠃ ᠡᠨᠡ ᠦᠶᠡᠰ | ᠶᠠᠭᠠᠬᠢᠭᠰᠠᠨ ᠴᠤ ᠮᠠᠭᠠᠵᠢᠵᠤ ᠪᠣᠯᠬᠤ ᠦᠭᠡᠢ᠂ ᠡᠰᠡ ᠲᠡᠶᠢᠮᠦ ᠪᠣᠯ ᠠᠷᠠᠰᠤ ᠴᠢᠨᠢ ᠠᠮᠠᠷᠬᠠᠨ ᠰᠢᠯᠪᠤᠷᠢᠵᠦ | ᠬᠤᠪᠢᠯᠤᠨ᠎ᠠ᠃ ᠰᠡᠷᠭᠡᠶᠢᠯᠡᠨ ᠵᠠᠰᠠᠬᠤ ᠠᠷᠭ᠎ᠠ ᠭᠡᠪᠡᠯ᠂ ᠤᠰᠤ ᠠᠷᠪᠢᠨ ᠤᠤᠭᠤᠵᠤ᠂ ᠰᠢᠨ᠎ᠡ ᠰᠤᠷᠭᠤᠭ ᠬᠦᠭᠡ | ᠨᠣᠭᠤᠭ᠎ᠠ᠂ ᠵᠢᠮᠢᠰ ᠠᠷᠪᠢᠨ ᠢᠳᠡᠵᠦ ᠬᠦᠴᠢᠯᠯᠢᠭ᠂ ᠭᠤᠰᠤᠭᠤᠨ ᠵᠡᠷᠭᠡ ᠰᠡᠳᠡᠯᠳᠡ ᠶᠢᠨ ᠴᠢᠨᠡᠷᠲᠡᠢ ᠢᠳᠡᠭᠡᠨ ᠢ | ᠳᠤᠲᠠᠭᠤ ᠢᠳᠡᠪᠡᠯ ᠵᠣᠬᠢᠨ᠎ᠠ᠃ ᠪᠡᠶ᠎ᠡ ᠪᠠᠨ ᠦᠷᠭᠦᠯᠵᠢ ᠤᠬᠢᠶᠠᠨ᠂ ᠳᠣᠲᠤᠷ ᠬᠤᠪᠴᠠᠰᠤ ᠢᠶᠠᠨ ᠦᠷᠬᠦᠯᠵᠢ | ᠰᠣᠯᠢᠬᠤ ᠬᠡᠷᠡᠭᠲᠡᠢ᠃ ᠵᠠᠭᠠᠲᠤᠨᠠᠬᠤ ᠨᠢ ᠠᠬᠠᠲᠠᠬᠰᠠᠨ ᠪᠠᠶᠢᠪᠠᠯ ᠡᠮᠴᠢ ᠪᠠᠷ ᠦᠵᠡᠭᠦᠯᠵᠦ᠂ ᠡᠮ ᠲᠦᠷᠬᠢᠪᠡᠯ ᠵᠣᠬᠢᠨ᠎ᠠ ᠃ | |