ᠯᠢ ᠤᠪᠤᠭᠳᠤ ᠵᠤᠭᠤᠰ ᠬᠡᠷᠡᠭᠯᠡᠬᠦ ᠪᠠᠴᠢᠮ ᠬᠡᠷᠡᠭᠴᠡᠭᠡ ᠲᠠᠢ ᠪᠤᠯᠤᠭᠰᠠᠨ ᠠᠴᠠ ᠨᠠᠶᠢᠵᠠ ᠪᠢᠯᠢᠭᠳᠦ ᠠᠴᠠ 5 | ᠲᠦᠮᠡᠨ ᠲᠦᠬᠦᠷᠢᠭ ᠵᠢᠬᠡᠯᠡᠭᠰᠡᠨ ᠪᠠᠶᠢᠯ᠎ᠠ᠃ ᠵᠤᠭᠤᠰ ᠵᠢᠬᠡᠯᠡᠬᠦᠯᠬᠦ ᠦᠶᠡᠰ ᠲᠤ ᠨᠡᠯᠢᠶᠡᠳ ᠶᠠᠭᠠᠷᠠᠤ ᠪᠠᠶᠢᠭᠰᠠᠨ ᠲᠤᠯᠠ | ᠯᠢ ᠤᠪᠤᠭᠳᠤ ᠵᠦᠪᠬᠡᠨ ︽ᠦᠨᠦᠳᠦᠷ ᠪᠢᠯᠢᠭᠳᠦ ᠠᠴᠠ 5 ᠲᠦᠮᠡᠨ ᠲᠦᠬᠦᠷᠢᠭ ᠵᠢᠬᠡᠯᠡᠪᠡ︾ ᠬᠡᠵᠦ ᠪᠢᠴᠢᠭᠰᠡᠨ | ᠪᠠᠶᠢᠯ᠎ᠠ᠃ ᠬᠤᠶᠠᠷ ᠵᠢᠯ ᠦᠡᠭᠬᠡᠷᠡᠭᠰᠡᠨ ᠪᠠᠶᠢᠳᠠᠯ᠎ᠠ ᠯᠢ ᠤᠪᠤᠭᠳᠤ ᠵᠢᠬᠡᠯᠡᠭᠰᠡᠨ ᠵᠤᠭᠤᠰ ᠢᠶᠠᠨ ᠪᠤᠴᠠᠭᠠᠭᠰᠠᠨ ᠦᠬᠡᠢ | ᠲᠤᠯᠠ ᠪᠢᠯᠢᠭᠳᠦ ᠵᠠᠭᠠᠯᠳᠤᠯᠭ᠎ᠠ ᠬᠢᠬᠦ ᠪᠠᠷ ᠪᠤᠳᠤᠯᠬᠢᠯᠠᠭᠰᠠᠨ ᠪᠠᠶᠢᠨ᠎ᠠ᠃ ᠲᠡᠬᠡᠪᠡᠯ ᠲᠤᠬᠠᠢ ᠶᠢᠨ ᠦᠶ᠎ᠡ ᠶᠢᠨ ᠡᠨᠡᠬᠦ | ᠵᠢᠬᠡᠯᠡᠯᠬᠡ ᠶᠢᠨ ᠪᠠᠷᠢᠮᠳᠠ ᠨᠢ ᠬᠠᠤᠯᠢ ᠶᠢᠨ ᠬᠦᠴᠦᠨ ᠲᠠᠢ ᠤᠤ︖ ᠵᠤᠭᠤᠰ ᠵᠢᠬᠡᠯᠡᠭᠰᠡᠨ ᠪᠠᠷᠢᠮᠳᠠ ᠬᠡᠳᠡᠭ ᠨᠢ | ᠵᠤᠭᠤᠰ ᠵᠢᠬᠡᠯᠡᠭᠰᠡᠨ ᠬᠦᠮᠦᠨ ᠨᠢ ᠵᠢᠬᠡᠯᠡᠬᠦᠯᠦᠭᠰᠡᠨ ᠬᠦᠮᠦᠨ ᠳᠤ ᠪᠢᠴᠢᠵᠦ ᠦᠭᠭᠦ ᠪᠢᠴᠢᠭ ᠤᠨ ᠬᠡᠯᠪᠡᠷᠢ ᠶᠢᠨ ᠪᠠᠷᠢᠮᠳᠠ | ᠪᠤᠯᠤᠨ᠎ᠠ᠃ ᠡᠨᠡ ᠨᠢ ᠬᠤᠶᠠᠷ ᠡᠳᠡᠬᠡᠳ ᠤᠨ ᠬᠤᠭᠤᠷᠤᠨᠳᠤᠬᠢ ᠵᠤᠭᠤᠰ ᠵᠢᠬᠡᠯᠡᠭᠰᠡᠨ ᠬᠠᠷᠢᠴᠠᠭ᠎ᠠ ᠶᠢ | ᠲᠤᠳᠤᠷᠬᠠᠢᠢᠯᠠᠵᠦ ᠬᠡᠷ᠎ᠡ ᠶᠢᠨ ᠬᠦᠴᠦᠨ ᠲᠠᠢ ᠪᠠᠶᠢᠳᠠᠭ᠃ ᠡᠶᠢᠮᠦ ᠠᠴᠠ ᠲᠤᠰ ᠵᠢᠱᠢᠶ᠎ᠡ ᠳᠤ ᠯᠢ ᠤᠪᠤᠭᠳᠤ ᠶᠢᠨ | ᠪᠢᠴᠢᠭᠰᠡᠨ ᠵᠤᠭᠤᠰ ᠵᠢᠬᠡᠯᠡᠬᠦ ᠪᠠᠷᠢᠮᠳᠠ ᠬᠠᠤᠯᠢ ᠶᠢᠨ ᠬᠦᠴᠦᠨ ᠲᠠᠢ᠂ ᠬᠡᠷᠪᠡ ᠵᠤᠭᠤᠰ ᠵᠢᠬᠡᠯᠡᠭᠰᠡᠡ ᠬᠤᠭᠤᠴᠠᠭ᠎ᠠ | ᠲᠤᠯᠵᠦ ᠯᠢ ᠤᠪᠤᠭᠳᠤ ᠮᠦᠨ ᠪᠤᠴᠠᠭᠠᠬᠤ ᠦᠬᠡᠢ ᠪᠤᠯ ᠳᠤᠰ ᠪᠠᠷᠢᠮᠳᠠ ᠪᠠᠷ ᠭᠤᠤᠯ ᠬᠡᠷᠡᠴᠢ ᠪᠤᠯᠭᠠᠵᠦ ᠵᠠᠭᠠᠯᠳᠤᠯᠭ᠎ᠠ | ᠬᠢᠵᠦ ᠪᠤᠯᠤᠨ᠎ᠠ᠃ ᠵᠠᠭᠠᠯᠳᠤᠯᠭ᠎ᠠ ᠬᠢᠬᠦ ᠬᠦᠴᠦᠨ ᠲᠠᠢ ᠬᠤᠭᠤᠴᠠᠭ᠎ᠠ ᠨᠢ ᠵᠤᠭᠤᠰ ᠢᠶᠠᠨ ᠪᠤᠴᠠᠭᠠᠬᠤ ᠪᠠᠷ | ᠳᠤᠭᠳᠠᠭᠰᠡᠨ ᠡᠳᠦᠷ ᠠᠴᠠ ᠡᠬᠢᠯᠡᠨ ᠬᠤᠶᠠᠷ ᠵᠢᠯ ᠤᠨ ᠬᠤᠭᠤᠴᠠᠭ᠎ᠠ ᠪᠤᠯᠤᠨ᠎ᠠ᠃ ᠪᠤᠳᠠᠳᠤ ᠠᠮᠢᠳᠦᠷᠠᠯ ᠤᠨ ᠲᠤᠮᠳᠠ | ᠬᠡᠷᠪᠡ ᠪᠤᠰᠤᠳ ᠲᠤ ᠵᠤᠭᠤᠰ ᠵᠢᠬᠡᠯᠡᠬᠦᠯᠬᠦ ᠳᠤ ᠬᠦᠷᠪᠠᠯ᠂ ᠵᠤᠭᠤᠰ ᠵᠢᠬᠡᠯᠡᠭᠰᠡᠨ ᠪᠡᠷᠢᠮᠳᠠ ᠪᠢᠴᠢᠬᠦ ᠴᠢᠬᠤᠯᠠᠳᠠᠢ | ᠪᠠᠶᠢᠳᠠᠭ ᠮᠦᠷᠳᠠᠬᠡᠨ ᠪᠠᠷᠢᠮᠳᠠ ᠪᠢᠴᠢᠬᠦ ᠳᠤ ᠳᠤᠤᠷᠠᠬᠢ ᠵᠦᠢᠯ ᠢ ᠠᠩᠬᠠᠷᠬᠤ ᠴᠢᠬᠤᠯᠠᠳᠠᠢ ᠪᠠᠶᠢᠳᠠᠭ᠃ ᠵᠢᠬᠡᠯᠡᠯᠬᠡ ᠶᠢᠨ | ᠪᠠᠷᠢᠮᠳᠠ ᠳᠤ ᠵᠤᠭᠤᠰ ᠵᠢᠬᠡᠯᠡᠭᠰᠡᠨ ᠬᠦᠮᠦᠨ᠂ ᠵᠤᠭᠤᠰ ᠤᠨ ᠲᠤᠭ᠎ᠠ᠂ ᠪᠤᠴᠠᠭᠠᠬᠤ ᠡᠳᠦᠷ ᠵᠡᠷᠬᠡ ᠪᠠᠨ ᠨᠠᠷᠢᠨ | ᠳᠤᠭᠳᠠᠬᠤ ᠬᠡᠷᠡᠭᠳᠠᠢ ᠪᠠᠶᠢᠳᠠᠭ᠃ ᠡᠬᠦᠨ ᠳᠤ ᠵᠤᠭᠤᠰ ᠤᠨ ᠲᠤᠭ᠎ᠠ ᠪᠠᠨ ᠠᠷᠠᠪ ᠲᠤᠭ᠎ᠠ ᠪᠠ ᠦᠰᠦᠭ ᠪᠢᠴᠢᠭ ᠢᠶᠠᠷ | ᠵᠡᠷᠬᠡ ᠳᠤᠨᠢ ᠢᠯᠡᠳᠬᠡᠪᠠᠯ ᠵᠤᠬᠢᠨ᠎ᠠ᠃ ᠬᠡᠷᠪᠡ ᠪᠠᠷᠢᠮᠳᠠ ᠶᠢ ᠬᠢᠳᠠᠳ ᠦᠰᠦᠭ ᠢᠶᠠᠷ ᠪᠢᠴᠢᠪᠠᠯ ᠵᠤᠭᠤᠰ ᠤᠨ | ᠲᠤᠭ᠎ᠠ ᠶᠢ ᠶᠡᠭᠡ ᠪᠢᠴᠢᠯᠬᠡ ᠶᠢᠨ ᠬᠢᠳᠠᠳ ᠦᠰᠦᠭ ᠢᠶᠠᠷ ᠳᠤᠳᠤᠷᠬᠠᠢᠢᠯᠠᠪᠠᠯ ᠵᠤᠬᠢᠨ᠎ᠠ᠃ ︽ᠬᠡᠷ᠎ᠠ ᠶᠢᠨ ᠬᠠᠤᠯᠢ︾ | ᠳᠤ ᠳᠤᠭᠳᠠᠭᠰᠡᠨ ᠢᠶᠠᠷ᠂ ᠬᠡᠷᠪᠡ ᠪᠡᠷᠢᠮᠳᠠ ᠳᠤ ᠬᠦᠦ ᠮᠦᠡᠭᠬᠦ ᠶᠢᠨ ᠳᠤᠬᠠᠢ ᠳᠤᠳᠤᠷᠬᠠᠢᠢᠯᠠᠭᠰᠡᠨ ᠦᠬᠡᠢ ᠪᠤᠯ᠂ | ᠬᠦᠦ ᠮᠦᠡᠭᠬᠦ ᠦᠬᠡᠢ ᠪᠠᠷ ᠪᠤᠳᠤᠨ᠎ᠠ᠂ ᠬᠡᠷᠪᠡ ᠬᠦᠦ ᠮᠦᠡᠭᠬᠦ ᠶᠢᠨ ᠲᠤᠭ᠎ᠠ ᠪᠠᠨ ᠳᠤᠭᠳᠠᠭᠰᠡᠨ ᠪᠤᠯ ᠪᠤᠯᠵᠤᠭᠰᠡᠨ | ᠶᠤᠰᠤᠭᠠᠷ ᠬᠦᠤ ᠮᠦᠡᠭᠬᠦ ᠪᠤᠳᠤᠵᠦ ᠠᠪᠤᠨ᠎ᠠ᠂ ᠬᠡᠪᠡᠴᠦ ᠬᠦᠦ ᠮᠦᠡᠭᠬᠦ ᠶᠢᠨ ᠨᠤᠷᠮ᠎ᠠ ᠨᠢ ᠤᠯᠤᠰ ᠤᠨ ᠬᠠᠮᠢᠶ᠎ᠠ | ᠪᠦᠬᠦᠢ ᠲᠦᠷᠢᠮ ᠳᠤᠭᠳᠠᠭᠠᠯ ᠠᠴᠠ ᠬᠡᠳᠤᠷᠡᠵᠦ ᠪᠤᠯᠬᠤ ᠦᠬᠡᠢ ᠪᠠᠶᠢᠳᠠᠭ᠃ |