ᠮᠠᠯ ᠳᠤ ᠡᠮ ᠴᠢᠳᠬᠤᠬᠤ ᠳᠤᠬᠢᠷᠠᠮᠵᠢᠳᠠᠢ ᠴᠠᠬ
ᠨᠡᠶᠢᠲᠡᠯᠡᠭᠰᠡᠨ ᠴᠠᠭ᠄
2018-04-18
     ᠮᠠᠯ ᠲᠠᠵᠢᠭᠡᠪᠦᠷᠢ ᠳᠤ ᠡᠮ ᠴᠢᠳᠬᠤᠬᠤ ᠴᠠᠭ ᠢ ᠭᠡᠷᠬᠢᠨ ᠰᠤᠩᠭᠤᠪᠠᠯ ᠵᠤᠬᠢᠰᠳᠠᠢ ᠪᠤᠢ︖ ᠦᠷᠯᠦᠭᠡ ᠡᠷᠳᠠ ᠡᠮ ᠴᠢᠳᠬᠤᠬᠤ᠃ ᠡᠳᠦᠷ ᠲᠤ ᠡᠭᠦᠰᠭᠦ ᠡᠪᠡᠳᠴᠢᠨ ᠪᠤᠶᠤ ᠭᠦᠨᠳᠤᠷᠠᠭᠦ ᠡᠪᠡᠳᠴᠢᠨ᠂ ᠡᠰᠡᠭᠦᠯ᠎ᠠ ᠲᠦᠷᠪᠡᠨ ᠮᠦᠴᠢ᠂ ᠴᠢᠰᠤᠨ ᠰᠤᠳᠠᠯ ᠤᠨ ᠡᠪᠡᠳᠴᠢᠨ ᠳᠤ ᠨᠡᠷᠪᠡᠭᠳᠡᠭᠰᠠᠨ ᠪᠠᠶᠢᠪᠠᠯ ᠡᠷᠭᠡᠪᠰᠢ ᠦᠷᠯᠦᠭᠡ ᠡᠷᠳᠠ ᠡᠮ ᠴᠢᠳᠬᠤᠨ᠎ᠠ᠃ ᠦᠳᠡᠰᠢ ᠡᠮ ᠴᠢᠳᠬᠤᠬᠤ᠃ ᠲᠠᠯᠢᠭᠦᠦ ᠶᠢᠨ ᠴᠢᠳᠠᠯ ᠲᠤᠷᠤᠢ᠂ ᠬᠤᠯᠠᠭᠠᠢ ᠭᠦᠯᠤᠰᠤ ᠭᠠᠷᠬᠤ᠂ ᠬᠠᠨᠢᠶᠠᠬᠤ ᠵᠡᠷᠭᠡ ᠡᠪᠡᠳᠴᠢᠨ ᠪᠤᠯ ᠶᠠᠷᠤ ᠳᠤ ᠪᠠᠨ ᠦᠳᠡᠰᠢ ᠡᠭᠦᠰᠴᠤ ᠭᠦᠨᠳᠤᠷᠠᠳᠡᠭ᠃ ᠡᠶᠢᠮᠤ ᠠᠴᠠ ᠡᠨᠡ ᠪᠠᠶᠢᠳᠠᠯ ᠲᠤᠤᠷ᠎ᠠ ᠦᠳᠡᠰᠢ ᠡᠮ ᠴᠢᠳᠬᠤᠬᠤ ᠭᠡᠷᠡᠭᠳᠡᠢ᠃ ᠲᠠᠵᠢᠭᠡᠭᠦ ᠠᠴᠠ ᠪᠠᠨ ᠡᠮᠤᠨ᠎ᠠ ᠡᠮ ᠴᠢᠳᠬᠤᠬᠤ᠃ ᠲᠠᠯᠢᠭᠦᠦ ᠶᠢ ᠴᠢᠬᠢᠷᠠᠬᠵᠢᠭᠤᠯᠵᠤ ᠭᠡᠢ ᠶᠢ ᠰᠢᠯᠤᠭᠤᠳᠬᠠᠬᠤ ᠪᠠ ᠪᠠᠭᠠᠰᠤ ᠠᠯᠳᠠᠬᠤ ᠶᠢ ᠵᠤᠭᠰᠤᠭᠠᠬᠤ ᠵᠡᠷᠭᠡ ᠡᠮ ᠢ ᠲᠠᠵᠢᠭᠡᠭᠦ ᠠᠴᠠ ᠡᠮᠤᠨ᠎ᠠ ᠴᠢᠳᠬᠤᠨ᠎ᠠ᠃ ᠲᠠᠵᠢᠭᠡᠯ ᠪᠤᠷᠳᠤᠭ᠎ᠠ ᠲᠠᠢ ᠬᠠᠮᠳᠤ ᠡᠮ ᠴᠢᠳᠬᠤᠬᠤ᠃ ᠰᠢᠩᠭᠡᠭᠡᠯᠳᠠ ᠶᠢ ᠬᠠᠪᠰᠤᠷᠬᠤ ᠡᠮ᠂ ᠲᠠᠷᠤᠢ᠂ ᠰᠢᠩᠭᠡᠭᠡᠯᠳᠠ ᠶᠢᠨ ᠢᠰᠭᠡᠭᠦᠷ᠂ ᠰᠢᠩᠭᠡᠨ ᠲᠠᠪᠤᠰᠤ ᠲᠠᠢ ᠤᠰᠤ ᠵᠡᠷᠭᠡ ᠶᠢ ᠲᠠᠵᠢᠭᠡᠯ ᠪᠤᠷᠳᠤᠭ᠎ᠠ ᠪᠠᠷ ᠲᠠᠵᠢᠭᠡᠵᠤ ᠪᠠᠶᠢᠭ᠎ᠠ ᠲᠤᠮᠳᠠ ᠴᠢᠳᠬᠤᠪᠠᠯ ᠦᠷ᠎ᠠ ᠠᠰᠢᠭ ᠢᠶᠠᠷ ᠬᠠᠮᠤᠭ ᠰᠠᠶᠢᠨ᠃ ᠲᠠᠵᠢᠭᠡᠯ ᠪᠤᠷᠳᠤᠭᠠᠨ ᠤ ᠲᠠᠷᠠᠭ᠎ᠠ ᠡᠮ ᠴᠢᠳᠬᠤᠬᠤ᠃ ᠰᠠᠳᠠᠯᠳᠠ ᠶᠢᠨ ᠴᠢᠨᠠᠷ ᠢᠶᠠᠷ ᠴᠢᠩᠭ᠎ᠠ ᠡᠮ ᠢ ᠲᠠᠵᠢᠭᠡᠭᠰᠡᠨ ᠤ ᠲᠠᠷᠠᠭ᠎ᠠ ᠴᠢᠳᠬᠤᠪᠠᠯ ᠰᠠᠳᠠᠯᠳᠠ ᠶᠢ ᠨᠢ ᠪᠠᠭᠠᠰᠬᠠᠵᠤ ᠴᠢᠳᠠᠨ᠎ᠠ᠃ ᠪᠠᠰᠠ ᠤᠳᠠᠭᠠᠨ ᠴᠢᠨᠠᠷ ᠲᠠᠢ ᠡᠪᠡᠳᠴᠢᠨ ᠪᠤᠯ ᠲᠠᠵᠢᠭᠡᠭᠰᠡᠨ ᠤ ᠲᠠᠷᠠᠭ᠎ᠠ ᠤᠤᠭᠤᠯᠭᠠᠪᠠᠯ ᠡᠮ ᠤᠨ ᠰᠢᠩᠭᠡᠭᠡᠯᠳᠠ ᠤᠳᠠᠭᠠᠨ ᠪᠠᠶᠢᠵᠤ ᠤᠢᠢᠯᠡᠳᠦᠯ ᠢ ᠨᠢ ᠤᠷᠳᠤᠳᠬᠠᠵᠤ ᠴᠢᠳᠠᠨ᠎ᠠ᠃ ᠲᠠᠷᠤᠢ ᠳᠤᠨᠢ ᠡᠮ ᠴᠢᠳᠬᠤᠬᠤ᠃ ᠲᠦᠷᠭᠡᠨ ᠴᠢᠨᠠᠷ ᠲᠠᠢ ᠡᠪᠡᠳᠴᠢᠨ᠂ ᠭᠦᠨᠳᠤ ᠡᠪᠡᠳᠴᠢᠨ ᠳᠤ ᠨᠠᠷᠪᠡᠭᠳᠡᠭᠰᠠᠨ ᠪᠠᠶᠢᠪᠠᠯ ᠴᠠᠭ ᠢ ᠭᠦᠯᠢᠶᠠᠵᠤ ᠪᠤᠯᠬᠤ ᠦᠭᠡᠢ ᠭᠡᠵᠢᠶ᠎ᠠ ᠡᠪᠡᠳᠴᠢᠯᠠᠪᠠᠯ ᠲᠠᠷᠤᠢ ᠳᠤᠨᠢ ᠡᠮ ᠢ ᠨᠢ ᠴᠢᠳᠬᠤᠬᠤ ᠭᠡᠷᠡᠭᠳᠡᠢ᠃
 
ᠢᠷᠡᠯᠲᠡ᠄ ᠪᠠᠷᠠᠭᠤᠨ ᠰᠦᠨᠢᠳ ᠦᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13000402号-2