1. ᠲᠤᠯᠤᠭᠤᠨ᠎ᠠ ᠦᠭᠡᠬᠦ ᠶᠢ ᠵᠠᠳᠠᠷᠠᠭᠤᠯᠬᠤ ᠦᠢᠯᠡᠳᠦᠯ ᠲᠠᠢ ᠲᠤᠯᠤᠭᠤᠨ᠎ᠠ ᠶᠢᠨ ᠪᠦᠲᠦᠭᠦᠯᠢᠭ ᠰᠢᠷᠭᠡᠭᠯᠢᠭ ᠤᠨ | ᠠᠭᠤᠯᠤᠭᠳᠠᠴᠠ ᠨᠢ 20% ᠲᠤ ᠬᠦᠷᠴᠦ᠂ ᠬᠡᠳᠡᠰᠦᠨ ᠤ ᠬᠦᠷᠪᠡᠯᠵᠡᠬᠦ ᠶᠢ ᠠᠬᠢᠭᠤᠯᠤᠨ᠎ᠠ᠃ ᠲᠤᠯᠤᠭᠤᠨ᠎ᠠ ᠪᠠᠰᠠ | ᠬᠤᠳᠤᠭᠤᠳᠤᠨ ᠤ ᠤᠭᠤᠷᠠᠭ ᠤᠨ ᠢᠰᠭᠡᠭᠦᠷ ᠤᠨ ᠢᠳᠡᠪᠬᠢ ᠴᠢᠨᠠᠷ ᠢ ᠨᠡᠮᠡᠭᠳᠡᠬᠦᠯᠵᠤ᠂ ᠲᠡᠭᠦᠨ ᠳᠤ ᠠᠭᠤᠯᠤᠭᠳᠠᠬᠤ | ᠦᠭᠡᠭᠦᠨ ᠤ ᠢᠰᠭᠡᠬᠦᠷ ᠨᠢ ᠦᠭᠡᠬᠦ ᠶᠢᠨ ᠵᠠᠳᠠᠷᠠᠯᠳᠠ ᠶᠢ ᠠᠬᠢᠭᠤᠯᠵᠤ᠂ ᠰᠢᠩᠭᠡᠭᠡᠯᠳᠡ ᠶᠢ ᠠᠬᠢᠭᠤᠯᠬᠤ | ᠦᠢᠯᠡᠳᠦᠯ ᠲᠠᠢ᠃ ᠤᠨᠴᠠᠭᠠᠢᠢᠯᠠᠨ ᠮᠢᠬᠠᠨ ᠤ ᠲᠦᠷᠦᠯ ᠢ ᠰᠢᠩᠭᠡᠭᠡᠬᠦ ᠲᠠᠯ᠎ᠠ ᠪᠠᠷ ᠨᠡᠩ ᠰᠠᠶᠢᠨ ᠪᠠᠶᠢᠳᠠᠭ᠂ ᠲᠡᠷᠡ ᠨᠢ | ᠪᠠᠰᠠ ᠴᠢᠰᠤᠨ ᠤ ᠦᠭᠡᠬᠦ ᠵᠢᠴᠢ ᠴᠢᠰᠤᠨ ᠲᠠᠷᠤᠯᠳᠠ ᠶᠢ ᠪᠠᠭᠤᠷᠠᠭᠤᠯᠬᠤ ᠦᠢᠯᠡᠳᠦᠯ ᠲᠠᠢ᠂ ᠵᠢᠷᠦᠭᠡᠨ ᠤ | ᠰᠤᠳᠠᠯ ᠤᠨ ᠡᠪᠡᠳᠴᠢᠨ ᠢ ᠰᠡᠷᠭᠡᠶᠢᠯᠡᠬᠦ ᠪᠠ ᠵᠢᠷᠦᠭᠡᠨ ᠤ ᠠᠵᠢᠯᠯᠠᠭ᠎ᠠ ᠶᠢ ᠰᠠᠶᠢᠵᠢᠷᠠᠭᠤᠯᠬᠤ ᠳᠤ ᠠᠰᠢᠭ ᠲᠠᠢ ᠶᠤᠮ᠃ | | 2. ᠠᠯᠮᠤᠷᠠᠳ ᠦᠭᠡᠬᠦ ᠶᠢ ᠭᠠᠳᠠᠭᠰᠢᠯᠠᠭᠤᠯᠬᠤ ᠦᠢᠯᠡᠳᠦᠯ ᠲᠠᠢ ᠠᠯᠮᠤᠷᠠᠳ ᠲᠤ ᠢᠳᠡᠰᠢᠨ ᠰᠢᠷᠭᠡᠭᠯᠢᠭ ᠤᠨ | ᠵᠢᠮᠢᠰ ᠤᠨ ᠴᠠᠪᠠᠤᠯᠢᠭ ᠤᠨ ᠠᠭᠤᠯᠤᠭᠳᠠᠴᠠ ᠡᠯᠪᠡᠭ ᠪᠠᠶᠢᠳᠠᠭ᠂ ᠵᠢᠮᠢᠰ ᠤᠨ ᠴᠠᠪᠠᠤᠯᠢᠭ ᠲᠤ ᠦᠨᠳᠦᠰᠦᠨ ᠳᠡᠭᠡᠨ | ᠢᠯᠴᠢ ᠠᠭᠤᠯᠤᠭᠳᠠᠬᠤ ᠦᠭᠡᠢ᠂ ᠵᠦᠪᠬᠡᠨ ᠬᠦᠮᠦᠨ ᠤ ᠪᠡᠶ᠎ᠠ ᠪᠠᠷ ᠦᠡᠭᠭᠡᠷᠡᠬᠦ ᠦᠶᠡᠰ ᠦᠭᠡᠬᠦ᠂ ᠲᠤᠰᠤ ᠵᠡᠷᠭᠡ ᠶᠢ | ᠠᠪᠴᠤ ᠶᠠᠪᠤᠳᠠᠭ᠂ ᠪᠡᠶ᠎ᠠ ᠶᠢᠨ ᠬᠦᠨᠳᠦ ᠶᠢ ᠪᠠᠭᠤᠷᠠᠭᠤᠯᠬᠤ ᠶᠢᠨ ᠬᠠᠮᠳᠤ ᠪᠠᠰᠠ ᠬᠦᠮᠦᠨ ᠤ ᠠᠷᠠᠰᠤ ᠶᠢ | ᠬᠢᠯᠪᠠᠭ᠎ᠠ ᠲᠠᠢ ᠪᠤᠯᠭᠠᠨ᠎ᠠ᠃ | 3. ᠬᠦᠢᠳᠡᠡ ᠵᠠᠭᠤᠰᠢ ᠦᠭᠡᠬᠦ ᠶᠢ ᠬᠤᠷᠢᠭᠯᠠᠬᠤ ᠦᠢᠯᠡᠳᠦᠯ ᠲᠠᠢ ᠬᠤᠭᠤᠯᠠᠠ ᠢᠳᠡᠬᠦ ᠪᠤᠯᠭᠠᠨ ᠨᠤᠭᠤᠭ᠎ᠠ ᠶᠢᠨ | ᠲᠦᠷᠦᠯ ᠤᠨ ᠪᠤᠶᠤ ᠮᠦᠬᠦ᠂ ᠤᠰᠤᠨ ᠤ ᠤᠷᠭᠤᠮᠠᠯ ᠤᠨ ᠲᠦᠷᠦᠯ ᠤᠨ ᠬᠦᠢᠲᠡᠨ ᠵᠠᠭᠤᠰᠢ ᠪᠡᠯᠡᠳᠭᠡᠪᠡᠯ ᠵᠤᠬᠢᠨ᠎ᠠ᠂ | ᠲᠡᠭᠦᠨ ᠤ ᠵᠤᠷᠢᠯᠭ᠎ᠠ ᠨᠢ ᠦᠭᠡᠬᠦ ᠲᠤᠰᠤ ᠶᠢ ᠰᠢᠩᠭᠡᠭᠡᠬᠦ ᠶᠢ ᠪᠠᠭᠠᠰᠬᠠᠵᠤ᠂ ᠬᠠᠯᠠᠭᠠᠵᠤ ᠦᠡᠭᠭᠡᠷᠡᠭᠰᠡᠨ ᠦᠭᠡᠢ | ᠪᠤᠯᠬᠤᠷ ᠰᠢᠮ᠎ᠠ ᠲᠡᠵᠢᠭᠡᠯ ᠤᠨ ᠬᠤᠷᠤᠭᠳᠠᠯ ᠨᠢ ᠨᠡᠩ ᠪᠠᠭ᠎ᠠ ᠪᠠᠶᠢᠳᠠᠭ᠃ ᠪᠠᠰᠠ ᠨᠢᠭᠡ ᠰᠢᠯᠳᠠᠭᠠᠨ ᠨᠢ ᠬᠦᠢᠲᠡᠨ | ᠵᠠᠭᠤᠰᠢ ᠨᠢ ᠦᠭᠡᠬᠦ ᠶᠢ ᠰᠢᠩᠭᠡᠭᠡᠬᠦ ᠶᠢ ᠬᠤᠷᠢᠬᠯᠠᠵᠤ ᠴᠢᠳᠠᠨ᠎ᠠ᠃ ᠢᠳᠡᠰᠢᠨ ᠨᠤᠭᠤᠭ᠎ᠠ ᠶᠢᠨ ᠲᠤᠳᠤᠷ᠎ᠠ ᠸᠢᠲ᠋ᠠᠮᠢᠨ ᠪᠠ | ᠮᠢᠨᠧᠷᠡᠯ ᠪᠤᠳᠠᠰ ᠡᠯᠪᠡᠭ ᠠᠭᠤᠯᠤᠭᠳᠠᠵᠤ ᠪᠤᠢ᠂ ᠡᠨᠡ ᠨᠢ ᠬᠦᠮᠦᠨ ᠤ ᠪᠡᠶ᠎ᠠ ᠶᠢᠨ ᠭᠤᠤᠯ ᠢᠷᠡᠯᠳᠡ ᠮᠦᠨ᠂ | ᠲᠠᠬᠢᠪᠠᠯ ᠢᠳᠡᠰᠢᠨ ᠨᠤᠭᠤᠭ᠎ᠠ ᠳᠤ ᠢᠳᠡᠰᠢᠨ ᠰᠢᠷᠭᠡᠭᠯᠢᠭ ᠡᠯᠪᠡᠭ ᠠᠭᠤᠯᠤᠭᠳᠠᠵᠤ ᠪᠠᠶᠢᠨ᠎ᠠ᠂ ᠡᠨᠡ ᠨᠢ ᠦᠭᠡᠬᠦ ᠶᠢ | ᠭᠠᠳᠠᠭᠰᠢᠯᠠᠭᠤᠯᠬᠤ ᠦᠢᠯᠡᠳᠦᠯ ᠲᠠᠢ᠃ ᠡᠭᠦᠨ ᠠᠴᠠ ᠭᠠᠳᠠᠨ᠎ᠠ᠂ ᠬᠦᠢᠲᠡᠨ ᠵᠠᠭᠤᠰᠢ ᠨᠢ ᠬᠦᠮᠦᠨ ᠤ ᠪᠡᠶ᠎ᠠ ᠶᠢᠨ | ᠬᠦᠴᠢᠯ ᠱᠦᠯᠳᠦ ᠶᠢ ᠲᠡᠩᠴᠡᠭᠦᠷᠢᠰᠢᠭᠦᠯᠬᠦ ᠦᠢᠯᠡᠳᠦᠯ ᠲᠠᠢ᠂ ᠬᠡᠷᠪᠡ ᠤᠷᠢᠳᠠᠪᠠᠷ ᠬᠦᠢᠲᠡᠨ ᠵᠠᠭᠤᠰᠢ ᠢᠳᠡᠵᠤ | ᠲᠠᠷᠠᠭ᠎ᠠ ᠨᠢ ᠮᠢᠬ᠎ᠠ ᠲᠠᠢ ᠵᠠᠭᠤᠰᠢ ᠢᠳᠡᠪᠡᠯ᠂ ᠦᠭᠡᠬᠦ ᠶᠢᠨ ᠪᠡᠶ᠎ᠠ ᠳᠤ ᠰᠢᠩᠭᠡᠭᠡᠬᠦ ᠶᠢ ᠬᠤᠷᠢᠬᠯᠠᠵᠤ ᠴᠢᠳᠠᠨ᠎ᠠ᠃ | | 4. ᠢᠳᠡᠭᠡᠨ ᠤ ᠼᠦ ᠦᠭᠡᠬᠦ ᠶᠢᠨ ᠰᠤᠯᠢᠯᠴᠠᠭ᠎ᠠ ᠶᠢ ᠠᠬᠢᠭᠤᠯᠬᠤ ᠦᠢᠯᠡᠳᠦᠯ ᠲᠠᠢ ᠢᠳᠡᠭᠡᠨ ᠤ ᠼᠦ ᠲᠤᠳᠤᠷ᠎ᠠ | ᠠᠭᠤᠯᠤᠭᠳᠠᠬᠤ ᠠᠮᠢᠨᠣ᠋ ᠬᠦᠴᠢᠯ ᠨᠢ ᠪᠡᠶ᠎ᠠ ᠲᠤᠳᠤᠷᠠᠬᠢ ᠦᠭᠡᠬᠦ ᠶᠢ ᠵᠠᠳᠠᠷᠠᠭᠤᠯᠵᠤ ᠲᠡᠶᠢᠯᠬᠦ ᠮᠦᠷᠳᠡᠭᠡᠨ ᠰᠢᠬᠢᠷ᠂ | ᠤᠭᠤᠷᠠᠭ ᠵᠡᠷᠭᠡ ᠶᠢᠨ ᠰᠢᠨ᠎ᠠ ᠬᠠᠭᠤᠴᠢᠨ ᠤ ᠰᠤᠯᠢᠯᠴᠠᠭ᠎ᠠ ᠶᠢ ᠤᠷᠤᠭᠰᠢᠳᠠᠢ ᠶᠠᠪᠤᠭᠳᠠᠭᠤᠯᠤᠨ᠎ᠠ᠂ ᠡᠶᠢᠮᠦ ᠠᠴᠠ | ᠮᠠᠷᠢᠶ᠎ᠠ ᠰᠢᠭᠤᠷᠠᠭᠤᠯᠬᠤ ᠦᠢᠯᠡᠳᠦᠯ ᠲᠠᠢ᠃ ᠡᠭᠦᠨ ᠠᠴᠠ ᠭᠠᠳᠠᠨ᠎ᠠ ᠬᠡᠳᠦ ᠠᠷᠪᠢᠨ ᠵᠢᠭᠠᠰᠤ᠂ ᠮᠢᠬ᠎ᠠ᠂ ᠲᠤᠳᠤᠷᠭ᠎ᠠ | ᠪᠤᠳᠠᠭ᠎ᠠ᠂ ᠲᠠᠯᠬ᠎ᠠ ᠵᠡᠷᠭᠡ ᠢᠳᠡᠭᠡᠨ ᠢᠳᠡᠭᠰᠡᠨ ᠤ ᠳᠠᠷᠠᠭ᠎ᠠ ᠵᠢᠭᠠᠬᠠᠨ ᠼᠦ ᠤᠤᠭᠤᠪᠠᠯ ᠰᠢᠩᠭᠡᠭᠡᠯᠳᠡ ᠶᠢ | ᠠᠬᠢᠭᠤᠯᠬᠤ ᠦᠢᠯᠡᠳᠦᠯ ᠲᠠᠢ᠃ ᠼᠦ ᠲᠤᠳᠤᠷ᠎ᠠ ᠠᠭᠤᠯᠤᠭᠳᠠᠬᠤ ᠠᠭᠤᠷᠰᠢᠬᠤ ᠴᠢᠨᠠᠷᠲᠠᠢ ᠪᠤᠳᠠᠰ ᠪᠠ ᠠᠮᠢᠨᠣ᠋ | ᠬᠦᠴᠢᠯ ᠵᠡᠷᠭᠡ ᠨᠢ ᠶᠡᠭᠡ ᠲᠠᠷᠢᠬᠢᠨ ᠤ ᠮᠡᠳᠡᠷᠡᠯ ᠤᠨ ᠲᠦᠪ ᠲᠤ ᠰᠡᠳᠡᠯᠳᠡ ᠦᠭᠴᠤ᠂ ᠰᠢᠩᠭᠡᠭᠡᠯᠳᠡ ᠶᠢᠨ ᠡᠷᠭᠡᠳᠡᠨ ᠢ | ᠵᠠᠬᠢᠷᠴᠤ ᠶᠡᠭᠡ ᠬᠡᠮᠵᠢᠶᠡᠨ ᠤ ᠰᠢᠩᠭᠡᠭᠡᠯᠳᠡ ᠶᠢᠨ ᠰᠢᠩᠭᠡᠨ ᠢ ᠱᠦᠭᠦᠷᠡᠭᠦᠯᠵᠤ ᠰᠢᠩᠭᠡᠭᠡᠯᠳᠡ ᠶᠢᠨ ᠴᠢᠳᠠᠮᠵᠢ ᠶᠢ | ᠰᠠᠶᠢᠵᠢᠷᠠᠭᠤᠯᠤᠨ᠎ᠠ᠃ | 5. ᠰᠢᠩᠭᠡᠨ ᠪᠤᠳᠠᠭ᠎ᠠ ᠦᠭᠡᠬᠦ ᠶᠢ ᠰᠢᠩᠭᠡᠭᠡᠨ ᠠᠪᠬᠤ ᠶᠢ ᠪᠠᠭᠠᠰᠬᠠᠬᠤ ᠦᠢᠯᠡᠳᠦᠯ ᠲᠠᠢ ᠬᠡᠷᠪᠡ ᠬᠡᠳᠦᠷᠡᠳᠡᠯ᠎ᠠ | ᠢᠳᠡᠬᠦ ᠠᠴᠠ ᠠᠶᠤᠪᠠᠯ᠂ ᠬᠤᠭᠤᠯᠠᠨ ᠠᠴᠠ ᠡᠮᠦᠨ᠎ᠠ ᠵᠢᠭᠠᠬᠠᠨ ᠰᠢᠩᠭᠡᠨ ᠪᠤᠳᠠᠭ᠎ᠠ ᠢᠳᠡᠬᠦ ᠶᠢ ᠰᠠᠨᠠᠭᠤᠯᠤᠶ᠎ᠠ᠂ | ᠤᠴᠢᠷ ᠨᠢ ᠬᠤᠭᠤᠯᠠᠨ ᠠᠴᠠ ᠡᠮᠦᠨ᠎ᠠ ᠰᠢᠩᠭᠡᠨ ᠪᠤᠳᠠᠭ᠎ᠠ ᠢᠳᠡᠪᠡᠯ ᠬᠤᠭᠤᠯᠠᠨ ᠴᠠᠭ ᠲᠤ ᠠᠷᠪᠢᠨ ᠶᠠᠭᠤᠮ᠎ᠠ ᠢᠳᠡᠬᠦ | ᠵᠠᠢ ᠦᠭᠡᠢ ᠪᠤᠯᠬᠤ ᠮᠦᠷᠳᠡᠭᠡᠨ ᠬᠡᠳᠦ ᠠᠷᠪᠢᠨ ᠮᠢᠬ᠎ᠠ ᠢᠳᠡᠭᠰᠡᠨ ᠠᠴᠠ ᠡᠭᠦᠰᠦᠭᠰᠡᠨ ᠤᠭᠤᠷᠠᠭ ᠨᠢ ᠡᠨᠧᠷᠬᠢ | ᠪᠤᠯᠤᠨ ᠰᠦᠢᠳᠬᠦ ᠠᠴᠠ ᠵᠠᠶᠢᠯᠠᠰᠬᠢᠵᠤ ᠲᠡᠶᠢᠯᠦᠨ᠎ᠠ᠂ ᠡᠭᠦᠨ ᠠᠴᠠ ᠭᠠᠳᠠᠨ᠎ᠠ ᠪᠠᠰᠠ ᠢᠳᠡᠰᠢᠨ ᠰᠢᠷᠭᠡᠭᠯᠢᠭ | ᠡᠭᠦᠰᠭᠡᠵᠤ ᠬᠡᠳᠡᠰᠦᠨ ᠤ ᠬᠦᠷᠪᠡᠯᠵᠡᠬᠦ ᠶᠢ ᠠᠬᠢᠭᠤᠯᠵᠤ᠂ ᠬᠡᠳᠡᠰᠦ ᠴᠠᠳᠬᠤᠯᠠᠩ ᠲᠦᠷᠦᠭᠳᠡᠯ ᠢ ᠨᠡᠮᠡᠭᠳᠡᠭᠦᠯᠦᠨ᠎ᠠ᠃ | 6. ᠠᠷᠪᠠᠢ ᠶᠢᠨ ᠴᠢᠢᠳᠠᠮ ᠤᠤᠭᠤᠪᠠᠯ ᠦᠭᠡᠭᠦ ᠶᠢ ᠠᠷᠢᠯᠭᠠᠬᠤ ᠦᠢᠯᠡᠳᠦᠯ ᠲᠠᠢ ᠬᠠᠭᠤᠷᠴᠦ ᠦᠡᠭᠭᠡᠷᠡᠭᠰᠡᠨ | ᠠᠷᠪᠠᠢ ᠪᠠᠷ ᠬᠢᠭᠰᠡᠨ ᠠᠷᠪᠠᠢ ᠶᠢᠨ ᠴᠢᠢᠳᠠᠮ ᠨᠢ ᠬᠦᠮᠦᠨ ᠤ ᠪᠡᠶ᠎ᠠ ᠳᠤ ᠱᠠᠭᠠᠷᠳᠠᠭᠳᠠᠬᠤ ᠤᠯᠠᠨ ᠵᠦᠢᠯ ᠤᠨ ᠪᠢᠴᠢᠯ | ᠡᠯᠧᠮᠧᠨ᠋ᠲ᠂ ᠠᠮᠢᠨᠣ᠋ ᠬᠦᠴᠢᠯ᠂ ᠬᠠᠨᠤᠮᠠᠯ ᠪᠤᠰᠤ ᠦᠭᠡᠭᠦᠨ ᠬᠦᠴᠢᠯ ᠪᠠ ᠢᠳᠡᠰᠢ ᠶᠢᠨ ᠰᠢᠷᠭᠡᠭ ᠠᠭᠤᠯᠤᠭᠳᠠᠵᠤ | ᠪᠠᠶᠢᠬᠤ ᠮᠦᠷᠳᠡᠭᠡᠨ ᠰᠢᠬᠢᠷ ᠤᠨ ᠠᠭᠤᠯᠤᠭᠳᠠᠴᠠ ᠪᠠᠰᠠ ᠲᠦᠢᠯ ᠤᠨ ᠲᠤᠤᠷ᠎ᠠ ᠪᠠᠶᠢᠳᠠᠭ᠃ ᠴᠠᠭᠠᠨ ᠰᠠᠷ᠎ᠠ ᠶᠢᠨ | ᠬᠤᠭᠤᠴᠠᠭᠠᠨ ᠳᠤ ᠠᠷᠪᠢᠨ ᠦᠭᠡᠬᠦ ᠲᠤᠰᠤ ᠲᠠᠢ ᠶᠠᠭᠤᠮ᠎ᠠ ᠢᠳᠡᠪᠡᠯ ᠠᠮᠠᠷᠬᠠᠨ ᠱᠠᠩᠳᠠᠭᠤᠷᠠᠵᠤ᠂ ᠮᠠᠷᠢᠶ᠎ᠠ | ᠨᠡᠮᠡᠭᠳᠡᠳᠡᠭ᠃ ᠬᠠᠷᠢᠨ ᠠᠷᠪᠠᠢ ᠶᠢᠨ ᠴᠢᠢᠳᠠᠮ ᠨᠢ ᠱᠠᠩᠳᠠᠭᠤᠨ ᠢ ᠲᠠᠷᠤᠬᠤ᠂ ᠰᠢᠩᠭᠡᠭᠡᠯᠳᠡ ᠶᠢ ᠠᠬᠢᠭᠤᠯᠬᠤ᠂ | ᠬᠤᠳᠤᠭᠤᠳᠦ ᠶᠢ ᠰᠠᠶᠢᠵᠢᠷᠠᠭᠤᠯᠬᠤ ᠦᠢᠯᠡᠳᠦᠯ ᠲᠠᠢ᠃ ᠠᠷᠪᠠᠢ ᠶᠢᠨ ᠴᠢᠢᠳᠠᠮ ᠳᠤ ᠪᠠᠰᠠ ᠴᠠᠢ ᠤᠰᠤᠨ ᠳᠤ | ᠠᠭᠤᠰᠬᠤ ᠢᠳᠡᠰᠢᠨ ᠰᠢᠷᠭᠡᠭᠯᠢᠭ ᠠᠭᠤᠯᠤᠭᠳᠠᠵᠤ ᠪᠠᠶᠢᠨ᠎ᠠ᠂ ᠲᠡᠷᠡ ᠨᠢ ᠬᠤᠳᠤᠭᠤᠳᠦ ᠬᠡᠳᠡᠰᠦᠨ ᠲᠤᠳᠤᠷᠠᠬᠢ ︽ | ᠬᠤᠭ ᠨᠤᠪᠰᠢ︾ ᠶᠢ ᠪᠡᠶ᠎ᠠ ᠠᠴᠠ ᠭᠠᠳᠠᠭᠰᠢᠯᠠᠭᠤᠯᠵᠤ᠂ ᠶᠠᠮᠠᠷᠴᠦ ᠢᠯᠴᠢ ᠪᠠ ᠲᠠᠷᠤᠭᠠᠰᠤ ᠠᠪᠴᠢᠷᠠᠬᠤ ᠦᠭᠡᠢ | ᠶᠤᠮ᠃ |