ᠲᠠᠨ ᠳᠤ ᠤᠩᠰᠢᠬᠤ ᠴᠢᠳᠠᠪᠤᠷᠢ ᠰᠡᠭᠦᠯ ᠤᠨ ᠵᠢᠯ ᠤᠳ ᠲᠤ ᠰᠠᠶᠢᠵᠢᠷᠠᠬᠰᠠᠨ ᠤᠤ︖ ᠲᠠ ᠡᠨᠡ 2016 | ᠤᠨ ᠤ ᠲᠦᠯᠦᠪᠯᠡᠭᠡᠨ ᠳᠡᠭᠡᠨ ᠢᠯᠡᠭᠦᠦ ᠠᠷᠪᠢᠨ ᠨᠤᠮ ᠤᠩᠰᠢᠬᠤ ᠲᠦᠯᠦᠪᠯᠡᠭᠡ ᠭᠠᠷᠭᠠᠬᠰᠠᠨ ᠤᠤ︖ ᠭᠡᠰᠡᠨ ᠴᠤ | ᠲᠠ ᠬᠡᠷᠬᠢᠨ ᠰᠠᠶᠢᠨ ᠤᠩᠰᠢᠬᠴᠢ ᠪᠤᠯᠬᠤ ᠪᠠᠨ ᠮᠡᠳᠡᠭᠦ ᠦᠭᠡᠢ ᠪᠠᠶᠢᠨ᠎ᠠ ᠤᠤ︖ | ᠶᠠᠭᠠᠬᠢᠭᠠᠳ ᠨᠢᠭᠡ ᠵᠢᠯ ᠳᠤ 100 ᠨᠤᠮ ᠭᠡᠵᠦ ᠤᠤ︖ ᠪᠢᠳᠡ ᠶᠡᠬᠡᠪᠴᠢᠯᠡᠨ ᠪᠤᠰᠤᠳ ᠤᠨ ᠲᠤᠷᠰᠢᠯᠭ᠎ᠠ ᠠᠴᠠ | ᠰᠤᠷᠤᠯᠴᠠᠬᠤ ᠭᠡᠵᠦ ᠨᠤᠮ ᠤᠩᠰᠢᠳᠠᠬ᠃ ︽ᠲᠡᠨᠡᠭ ᠤᠳ ᠲᠤᠷᠰᠢᠯᠭ᠎ᠠ ᠠᠴᠠ ᠰᠤᠷᠤᠯᠴᠠᠳᠠᠬ᠂ ᠭᠡᠬᠦ ᠳᠡᠭᠡᠨ ᠪᠢ | ᠪᠤᠰᠤᠳ ᠤᠨ ᠲᠤᠷᠰᠢᠯᠭ᠎ᠠ ᠠᠴᠠ ᠰᠤᠷᠤᠯᠴᠠᠬᠤ ᠶᠢ ᠢᠯᠡᠭᠦᠦ ᠳᠤ ᠦᠵᠡᠳᠡᠭ︾᠃ ᠦᠪᠡᠷ ᠢ ᠪᠠᠨ ᠬᠦᠭᠵᠢᠭᠦᠯᠬᠦ ᠳᠤ᠂ | ᠦᠪᠡᠷ ᠢ ᠪᠠᠨ ᠲᠠᠨᠢᠬᠤ ᠳᠤ ᠲᠠᠨ ᠳᠤ ᠨᠤᠮ ᠲᠤᠰᠠᠯᠠᠨ᠎ᠠ᠂ ᠬᠠᠷᠢᠨ ᠬᠡᠷᠬᠢᠨ ᠦᠷ᠎ᠡ ᠳ᠋ᠦ᠋ᠩ ᠲᠠᠢ ᠨᠤᠮ ᠤᠩᠰᠢᠬᠤ ᠳᠤ | ᠪᠢᠳᠡ ᠲᠠᠨ ᠳᠤ ᠵᠦᠪᠯᠡᠶ᠎ᠡ᠃ | ᠨᠢᠭᠡ᠂ ᠤᠯᠠᠨ ᠢᠶᠠᠷ ᠨᠢ ᠠᠪ | ᠭᠧᠷᠮᠡᠨ ᠤ ᠰᠡᠷᠭᠦᠨ ᠮᠠᠨᠳᠤᠯᠳᠠ ᠶᠢᠨ ᠦᠶ᠎ᠡ ᠶᠢᠨ ᠤᠬᠠᠬᠳᠠᠬᠤᠨ ᠡᠷᠮᠡᠰᠤᠰ ︽ᠪᠢ ᠪᠠᠭ᠎ᠠ ᠮᠦᠩᠬᠦ ᠲᠠᠢ ᠯᠡ | ᠪᠤᠯ ᠨᠤᠮ ᠠᠪᠳᠠᠬ᠃ ᠬᠡᠷᠪᠡ ᠮᠦᠩᠭᠦ ᠦᠯᠡᠳᠡᠪᠡᠯ ᠪᠢ ᠬᠤᠪᠴᠠᠰᠤ ᠪᠤᠯᠤᠨ ᠬᠤᠭᠤᠯᠠ ᠠᠪᠳᠠᠬ︾ ᠭᠡᠵᠦ ᠬᠡᠯᠡᠵᠡᠢ᠂ | ᠰᠠᠶᠢᠨ ᠨᠤᠮ ᠳᠤ ᠵᠠᠷᠤᠴᠠᠭᠤᠯᠤᠬᠰᠠᠨ ᠮᠦᠩᠭᠦ ᠪᠤᠯ ᠮᠠᠰᠢ ᠲᠤᠮᠤ ᠬᠦᠷᠦᠩᠭᠡ ᠤᠷᠤᠭᠤᠯᠤᠯᠲᠠ᠂ ᠪᠢᠳᠡ ᠨᠤᠮ | ᠠᠪᠬᠤ ᠨᠢ ᠮᠦᠩᠭᠦᠨ ᠤ ᠭᠠᠷᠤᠵᠠ ᠭᠡᠳᠡᠭ ᠴᠤ ᠨᠤᠮ ᠤᠩᠰᠢᠬᠤ ᠦᠭᠡᠢ ᠪᠠᠶᠢᠬᠤ ᠨᠢ ᠯᠡ ᠵᠢᠩᠬᠢᠨᠢ ᠭᠠᠷᠤᠵᠠ᠂ | ᠬᠤᠪᠴᠠᠰᠤ ᠭᠤᠲᠤᠯ ᠳᠤᠷ᠎ᠠ ᠪᠠᠷ ᠢᠶᠠᠨ ᠠᠪᠴᠤ ᠡᠮᠦᠰᠳᠡᠭ ᠭᠢᠷᠢᠨ ᠢᠶᠠᠨ ᠨᠤᠮ ᠠᠪᠬᠤ ᠠᠴᠠ ᠨᠠᠷᠢᠯᠠᠵᠦ ᠪᠠᠶᠢᠪᠠᠯ | ᠲᠡᠷᠡ ᠤᠳᠬ᠎ᠠ ᠦᠭᠡᠢ ᠬᠡᠷᠡᠭ᠃ ᠲᠠ ᠤᠯᠠᠨ ᠨᠤᠮ ᠲᠠᠢ ᠪᠠᠶᠢᠬᠤ ᠲᠤᠰᠤᠮ ᠢᠶᠠᠨ ᠰᠢᠯᠢᠵᠦ ᠰᠤᠩᠭᠤᠬᠤ ᠤᠩᠰᠢᠬᠤ | ᠪᠤᠯᠤᠮᠵᠢ ᠲᠠᠢ ᠪᠤᠯᠤᠨ᠎ᠠ᠂ ᠪᠢᠳᠡᠨ ᠤ ᠤᠩᠰᠢᠬᠰᠠᠨ ᠶᠡᠬᠡᠩᠬᠢ ᠨᠤᠮ ᠤᠳ ᠲᠦᠯᠦᠪᠯᠡᠭᠳᠡᠭᠡ ᠦᠭᠡᠢ ᠪᠠᠶᠢᠳᠠᠬ᠂ | ᠶᠡᠷᠦ ᠨᠢ ᠯᠡ ︽ᠪᠢ ᠡᠨᠡ ᠨᠤᠮ ᠢ 5 ᠳ᠋ᠤᠭᠠᠷ ᠰᠠᠷ᠎ᠠ ᠶᠢᠨ ᠡᠬᠢᠨ ᠤ ᠳᠤᠯᠤᠭ᠎ᠠ ᠬᠤᠨᠤᠬ ᠲᠤ ᠤᠩᠰᠢᠨ᠎ᠡ︾ ᠭᠡᠵᠦ | ᠨᠤᠮ ᠠᠪᠳᠠᠬ ᠬᠦᠮᠦᠨ ᠴᠦᠭᠡᠭᠡᠨ ᠰᠢᠦ ᠳ᠋ᠠ᠃ | ᠬᠤᠶᠠᠷ᠂ ᠦᠷᠭᠦᠯᠵᠢ ᠤᠩᠰᠢᠵᠦ ᠪᠠᠢ | ᠡᠳᠦᠷ ᠲᠤ ᠪᠢ ᠨᠢᠭᠡ ᠴᠠᠬ ᠢ ᠵᠠᠷᠤᠴᠠᠭᠤᠯᠵᠦ ᠨᠤᠮ ᠤᠩᠰᠢᠨ᠎ᠡ᠃ ᠦᠷᠯᠦᠭᠡ ᠪᠤᠰᠤᠭᠠᠳ ᠰᠢᠳᠤ ᠪᠠᠨ ᠤᠬᠢᠶᠠᠬᠤ | ᠶᠤᠰᠤᠲᠠᠢ ᠭᠡᠳᠡᠭ ᠲᠠᠢ ᠠᠳᠠᠯᠢ ᠨᠤᠮ ᠤᠩᠰᠢᠬᠤ ᠶᠤᠰᠤᠲᠠᠢ ᠭᠡᠳ ᠯᠡ ᠪᠤᠳᠤᠴᠢᠬᠠ᠂ ᠬᠠᠷᠢᠨ ᠵᠠᠪ ᠦᠭᠡᠢ᠂ ᠡᠰᠡᠪᠡᠯ | ᠶᠠᠳᠠᠷᠠᠬᠰᠠᠨ ᠭᠡᠵᠦ ᠪᠢᠳᠡᠬᠡᠢ ᠰᠢᠯᠲᠠᠬ ᠲᠤᠭᠠᠴᠢᠭᠠᠷᠠᠢ᠂ ᠬᠦᠯᠢᠶᠡᠬᠦ ᠳᠡᠭᠡᠨ᠂ ᠮᠠᠰᠢᠨ ᠳᠤ ᠰᠠᠭᠤᠬᠤ ᠳᠠᠭᠠᠨ ᠪᠠᠶᠢᠩᠭᠤ | ᠤᠩᠰᠢᠵᠦ ᠪᠠᠶᠢᠭᠠᠷᠠᠢ᠃ ᠬᠡᠷᠪᠡ ᠡᠳᠦᠷ ᠲᠤ ᠲᠠ ᠬᠡᠢ ᠬᠤᠭᠤᠰᠤᠨ ᠦᠩᠭᠡᠷᠡᠭᠦᠯᠳᠡᠭ ᠨᠢᠭᠡ ᠴᠠᠬ ᠢᠶᠠᠨ | ᠤᠩᠰᠢᠬᠤ ᠳᠤ ᠵᠠᠷᠤᠴᠠᠭᠤᠯᠬᠤ ᠶᠤᠮ ᠪᠤᠯ ᠲᠠ ᠵᠢᠯ ᠳᠤ 100 ᠨᠤᠮ ᠬᠠᠨᠭ᠍ᠭᠠᠯᠲᠠ ᠲᠠᠢ ᠤᠩᠰᠢᠵᠦ ᠴᠢᠳᠠᠨ᠎ᠠ᠂ | ᠳᠤᠮᠳᠠᠴᠢ ᠬᠤᠷᠲᠤ ᠲᠠᠢ ᠬᠦᠮᠦᠨ ᠨᠢᠭᠡ ᠴᠠᠬ ᠲᠤ 50 ᠬᠠᠭᠤᠳᠠᠰᠤ ᠤᠩᠰᠢᠳᠠᠬ᠂ ᠬᠡᠷᠪᠡ ᠳᠤᠯᠤᠭᠠᠨ ᠬᠤᠨᠤᠬ ᠲᠤ | ᠲᠠ 10 ᠬᠠᠭᠤᠳᠠᠰᠤ ᠤᠩᠰᠢᠳᠠᠬ ᠭᠡᠵᠦ ᠲᠤᠭᠠᠴᠢᠪᠠᠯ ᠵᠢᠯ ᠳᠤ 26000 ᠬᠠᠭᠤᠳᠠᠰᠤ ᠤᠩᠰᠢᠨ᠎ᠡ᠂ ᠨᠢᠭᠡ ᠨᠤᠮ | ᠳᠤᠮᠳᠠᠴᠢ ᠪᠠᠷ 250 ᠬᠠᠭᠤᠳᠠᠰᠤ ᠲᠠᠢ ᠭᠡᠪᠡᠯ ᠲᠠ ᠵᠢᠯ ᠳᠤ 104 ᠰᠢᠷᠭᠡᠭ ᠨᠤᠮ ᠤᠩᠰᠢᠨ᠎ᠡ ᠭᠡᠰᠡᠨ ᠦᠭᠡ᠃ | ᠭᠤᠷᠪᠠ᠂ ᠬᠠᠮᠢᠶᠠᠷᠤᠯ ᠲᠠᠢ ᠵᠦᠢᠯ ᠢᠶᠠᠨ ᠯᠡ ᠤᠩᠰᠢ | ᠲᠠ ᠮᠠᠰᠢ ᠰᠠᠶᠢᠨ ᠭᠡᠵᠦ ᠪᠤᠰᠤᠳ ᠠᠴᠠ ᠰᠤᠨᠤᠰᠤᠨ ᠨᠤᠮ ᠠᠪᠤᠬᠰᠠᠨ ᠴᠤ ᠲᠠᠨ ᠳᠤ ᠤᠬᠲᠤ ᠲᠠᠭᠠᠯᠠᠬᠳᠠᠭᠠ | ᠦᠭᠡᠢ ᠨᠤᠮ ᠪᠠᠶᠢᠭ᠎ᠠ ᠤᠤ︖ ᠬᠡᠨ ᠪᠦᠬᠦᠨ ᠳᠤᠷᠠᠯᠠᠵᠦ ᠤᠩᠰᠢᠬᠰᠠᠨ ᠨᠤᠮ ᠬᠤᠪᠢ ᠬᠦᠮᠦᠨ ᠳᠤ ᠲᠠᠭᠠᠯᠠᠬᠳᠠᠬᠤ | ᠦᠭᠡᠢ ᠪᠠᠶᠢᠬᠤ ᠨᠢ ᠪᠤᠢ᠂ ᠲᠡᠭᠡᠬᠦ ᠪᠠᠷ ᠤᠯᠠᠨ ᠬᠦᠮᠦᠨ ᠤ ᠠᠮᠠᠨ ᠠᠴᠠ ᠰᠤᠨᠤᠰᠤᠬᠰᠠᠨ ᠨᠤᠮ ᠠᠴᠠ | ᠢᠯᠡᠭᠦᠦ ᠲᠠᠢ ᠪᠠᠷ ᠦᠪᠡᠷ ᠲᠤ ᠴᠢᠨᠢ ᠡᠷᠴᠢ ᠬᠦᠴᠦᠨ ᠦᠭᠭᠦ᠋ᠢᠴᠡ ᠨᠤᠮ ᠢ ᠤᠩᠰᠢ᠂ ᠬᠦᠮᠦᠰ ᠨᠤᠮ ᠪᠢᠴᠢᠭᠡᠳ | ᠪᠠᠷᠤᠬ 2000 ᠵᠢᠯ ᠦᠩᠭᠡᠷᠡᠭᠰᠡᠨ ᠲᠤᠯᠠ ᠲᠠᠨ ᠳᠤ ᠲᠠᠭᠠᠰᠢᠶᠠᠬᠳᠠᠬᠤ ᠨᠤᠮ ᠤᠯᠳᠠᠵᠦ ᠯᠡ ᠲᠠᠭᠠᠷᠠᠨ᠎ᠠ᠃ | ᠳᠦᠷᠪᠡ᠂ ᠨᠢᠭᠡ ᠵᠡᠷᠭᠡ ᠤᠯᠠᠨ ᠨᠤᠮ ᠤᠩᠰᠢ | ᠨᠤᠮ ᠬᠠᠭᠤᠳᠠᠰᠤ ᠭᠡᠬᠦ ᠮᠠᠶᠢᠬ ᠢᠶᠠᠷ ᠤᠩᠰᠢ᠂ ᠤᠷᠤᠢ ᠳᠠᠭᠠᠨ ᠢᠯᠡᠭᠦᠦ ᠨᠠᠮᠲᠠᠷ᠂ ᠵᠤᠬᠢᠶᠠᠯᠤᠩᠰᠢ᠂ ᠬᠠᠷᠢᠨ | ᠦᠷᠯᠦᠭᠡᠭᠦᠷ ᠤᠨᠤᠯ ᠤᠨ ᠮᠡᠷᠭᠡᠵᠢᠯ ᠤᠨ ᠨᠤᠮ ᠤᠩᠰᠢ᠃ | ᠳᠠᠪᠤ᠂ ᠮᠡᠳᠡᠯᠭᠡ ᠪᠠᠨ ᠪᠠᠲᠤᠯᠠᠭᠠᠵᠢᠭᠤᠯ | ᠨᠤᠮ ᠤᠩᠰᠢᠬᠤ ᠳᠠᠭᠠᠨ ᠴᠢᠬᠤᠯᠠ ᠦᠭᠡ᠂ ᠬᠡᠰᠡᠭ ᠢ ᠲᠡᠮᠳᠡᠭᠯᠡᠵᠦ ᠠᠪ᠂ ᠲᠠᠨ ᠤ ᠰᠠᠨᠠᠯ ᠨᠢᠭᠡᠲᠦᠭᠰᠡᠨ᠂ | ᠡᠷᠬᠢᠨ ᠰᠤᠳᠤᠯᠬᠤ ᠱᠠᠭᠠᠷᠳᠠᠯᠭ᠎ᠠ ᠲᠠᠢ ᠵᠦᠢᠯᠡᠰ ᠪᠤᠯᠤᠨ ᠡᠰᠢᠯᠡᠯ ᠢ ᠲᠠ ᠲᠡᠮᠳᠡᠭᠯᠡᠬᠦ ᠬᠡᠷᠡᠭᠲᠡᠢ᠂ ᠨᠤᠮ ᠤᠨ | ᠳᠡᠮᠳᠡᠭᠯᠡᠯ ᠤᠨ ᠲᠡᠪᠳᠡᠷ ᠨᠡᠭᠡᠭᠡᠵᠦ ᠲᠤᠳᠤᠷᠠᠭᠤᠯᠤᠬᠰᠠᠨ ᠬᠡᠰᠡᠭ ᠤᠳ ᠢᠶᠠᠨ ᠪᠢᠴᠢᠨ ᠠᠪᠴᠤ᠂ ᠦᠪᠡᠷ ᠤᠨ | ᠰᠠᠨᠨᠠᠯ ᠢᠶᠠᠨ ᠪᠢᠴᠢ᠂ ᠬᠠᠷᠢᠨ ᠳᠠᠷᠠᠭ᠎ᠠ ᠨᠢ ᠲᠠ ᠲᠡᠪᠳᠡᠷ ᠢᠶᠠᠨ ᠬᠠᠯᠢᠨ ᠬᠦᠶᠦᠯᠭᠡᠭᠡᠳ ᠬᠠᠷᠠᠬᠤ ᠳᠤ ᠯᠡ | ᠤᠩᠰᠢᠬᠰᠠᠨ ᠨᠤᠮ ᠢᠶᠠᠨ ᠰᠠᠨᠠᠵᠦ ᠴᠢᠳᠠᠨ᠎ᠠ᠂ ᠢᠩᠭᠢᠭᠰᠡᠨ ᠢᠶᠠᠷ ᠳᠠᠩ ᠭᠠᠭᠴᠠ ᠤᠩᠰᠢᠭᠠᠳ ᠦᠩᠭᠡᠷᠡᠬᠦ ᠪᠢᠰᠢ | ᠪᠤᠰᠤᠳ ᠲᠠᠢ ᠲᠤᠬᠠᠢ ᠶᠢᠨ ᠨᠤᠮ ᠠᠴᠠ ᠮᠡᠳᠡᠭᠰᠡᠨ ᠢᠶᠠᠨ ᠬᠤᠪᠢᠶᠠᠯᠴᠠᠬᠤ ᠪᠤᠯᠤᠮᠵᠢ ᠨᠡᠭᠡᠭᠡᠭᠳᠡᠵᠦ ᠪᠠᠶᠢᠭ᠎ᠠ ᠶᠤᠮ᠃ | ᠤᠨ ᠤ ᠲᠡᠭᠦᠰᠭᠡᠯ ᠬᠢᠬᠦ ᠳᠤ ᠪᠢᠳᠡᠨ ᠳᠤ 100 ᠨᠤᠮ ᠤᠩᠰᠢᠬᠤ ᠬᠠᠨᠭ᠍ᠭᠠᠯᠲᠠ ᠲᠠᠢ ᠤᠩᠰᠢᠬᠤ ᠪᠤᠯᠤᠮᠵᠢ᠂ ᠴᠠᠬ | ᠪᠤᠢ᠂ ᠲᠠᠨ ᠳᠤ ᠠᠮᠵᠢᠯᠲᠠ ᠬᠦᠰᠡᠶ᠎ᠡ᠃ ᠨᠤᠮ ᠲᠠᠢ ᠮᠤᠩᠭᠤᠯ ᠪᠤᠯᠤᠶ᠎ᠠ᠂ ᠤᠶᠤᠨᠲᠤ ᠮᠤᠩᠭᠤᠯ ᠪᠤᠯᠤᠶ᠎ᠠ︕ |