ᠬᠦᠮᠦᠨ ᠤ ᠨᠢᠭᠡ ᠨᠠᠰᠤᠨ ᠳᠤ ᠭᠡᠷ ᠪᠦᠯᠢ ᠶᠢᠨ ᠰᠤᠷᠭᠠᠨ ᠬᠦᠮᠦᠵᠢᠯ ᠨᠢ ᠲᠦᠢᠯ ᠤᠨ ᠴᠢᠬᠤᠯᠠ ᠪᠠᠶᠢᠳᠠᠭ | ᠭᠡᠳᠡᠭ ᠢ ᠦᠪᠡᠷ ᠤᠨ ᠲᠦᠷᠦᠵᠦ ᠦᠰᠦᠭᠰᠡᠨ ᠤᠷᠴᠢᠨ ᠠᠬᠤᠢ ᠪᠠ ᠰᠤᠷᠭᠠᠨ ᠬᠦᠮᠦᠵᠢᠯ ᠤᠨ ᠹᠷᠤᠨᠲ ᠳᠤ | ᠠᠵᠢᠯᠯᠠᠭᠰᠠᠨ ᠲᠤᠷᠰᠢᠯᠭ᠎ᠠ ᠠᠴᠠ ᠪᠠᠨ ᠰᠠᠷᠡᠵᠦ ᠮᠡᠳᠡᠯ᠎ᠡ᠃ | ᠭᠡᠷ ᠪᠦᠯᠢ ᠶᠢᠨ ᠰᠤᠷᠭᠠᠨ ᠬᠦᠮᠦᠵᠢᠯ ᠤᠨ ᠴᠢᠬᠤᠯᠠ ᠴᠢᠨᠠᠷ ᠤᠨ ᠲᠤᠬᠠᠢ ᠴᠤᠬᠤᠰ ᠳᠤᠷᠠᠳᠪᠠᠯ᠄ | 1. ᠠᠪᠤ ᠡᠵᠢ ᠪᠤᠯ ᠭᠡᠤᠭᠡᠳ ᠤᠨ ᠠᠩᠬᠠᠨ ᠤ ᠪᠠᠭᠰᠢ ᠮᠦᠨ᠃ | ᠠᠪᠤ ᠡᠵᠢ ᠶᠢᠨ ᠬᠢᠨᠢ ᠦᠪᠯᠡᠵᠦ ᠦᠭᠭᠦᠭᠰᠡᠨ ᠦᠭᠡ ᠶᠠᠷᠢᠶ᠎ᠠ᠂ ᠦᠢᠯᠡ ᠠᠵᠢᠯᠯᠠᠭ᠎ᠠ᠂ ᠤᠪᠤᠷ ᠰᠤᠷᠲᠠᠯ ᠨᠢ ᠬᠢᠷᠢ | ᠵᠡᠷᠭᠡ ᠲᠦᠪᠰᠢᠨ ᠲᠠᠢ ᠭᠡᠳᠡᠭ ᠢ ᠠᠩᠬ᠎ᠠ ᠬᠡᠤᠬᠡᠳ ᠲᠠᠢ ᠨᠢ ᠲᠠᠨᠢᠯᠴᠠᠭᠰᠠᠭᠠᠷ ᠬᠦᠭᠡᠷᠦᠬᠦᠨ ᠵᠠᠩ ᠠᠭᠠᠯᠢ ᠠᠴᠠ ᠨᠢ | ᠤᠶᠢᠯᠠᠭᠠᠵᠤ ᠮᠡᠳᠡᠳᠡᠭ᠃ ᠮᠤᠷᠠᠯ ᠰᠠᠶᠢᠨᠲᠠᠢ᠂ ᠠᠵᠢᠯᠰᠠᠭ ᠪᠤᠷᠤᠭᠵᠢᠭᠤᠨ᠂ ᠠᠯᠤᠰ ᠤᠨ ᠬᠦᠰᠡᠯᠡᠩ ᠲᠠᠢ | ᠬᠦᠮᠦᠵᠢᠭᠳᠡᠭᠰᠡᠨ ᠬᠡᠤᠬᠡᠳ ᠤᠨ ᠪᠡᠶ᠎ᠡ ᠳᠡᠭᠡᠷ᠎ᠡ ᠮᠠᠰᠢ ᠤᠯᠠᠨ ᠰᠠᠶᠢᠨᠲᠠᠢ ᠲᠠᠯ᠎ᠠ ᠢᠯᠡᠷᠡᠬᠦ ᠪᠦᠭᠡᠳ ᠵᠠᠩ ᠠᠷᠠᠨᠰᠢᠨ ᠪᠠ | ᠰᠠᠬᠢᠯᠭ᠎ᠠ ᠮᠤᠷᠠᠯ ᠤᠨ ᠲᠠᠯ᠎ᠠ ᠳᠠᠬᠢ ᠢᠯᠡᠷᠡᠭᠦᠯᠦᠯᠲᠡ ᠲᠤᠩ ᠰᠠᠶᠢᠨ ᠪᠠᠶᠢᠳᠠᠭ᠃ ᠡᠭᠦᠨ ᠤ ᠡᠰᠡᠷᠭᠦ ᠪᠠᠷ᠂ ᠰᠠᠯᠠᠩ | ᠵᠠᠳᠠᠭᠠᠢ ᠪᠤᠶᠤ ᠬᠦᠷᠦᠯᠴᠡᠬᠦ ᠦᠭᠡᠢ ᠲᠠᠯ᠎ᠠ ᠤᠯᠠᠨ ᠪᠠᠶᠢᠳᠠᠭ ᠭᠡᠷ ᠤᠨ ᠰᠤᠷᠭᠠᠯ ᠲᠠᠢ ᠬᠡᠤᠬᠡᠳ ᠪᠤᠯ ᠠᠪᠤ ᠡᠵᠢ ᠪᠠᠨ | ᠳᠠᠭᠤᠷᠢᠶᠠᠨ᠂ ᠲᠡᠷᠡ ᠶᠠᠩᠵᠤ ᠪᠠᠷ ᠨᠢ ᠦᠭᠡ ᠶᠠᠷᠢᠬᠤ ᠪᠤᠶᠤ ᠠᠵᠢᠯᠯᠠᠭ᠎ᠠ ᠬᠢᠵᠦ᠂ ᠪᠡᠶ᠎ᠡ ᠪᠠᠨ ᠱᠠᠭᠠᠷᠳᠠᠬᠤ | ᠲᠠᠯ᠎ᠠ ᠪᠠᠷ ᠠᠨᠠᠢ ᠪᠠᠶᠢᠳᠠᠭ᠂ ᠡᠶᠢᠮᠦᠷᠬᠦ ᠬᠡᠤᠬᠡᠳ ᠢ ᠰᠤᠷᠭᠠᠭᠤᠯᠢ ᠶᠢᠨ ᠠᠮᠢᠳᠤᠷᠠᠯ ᠳᠤ ᠳᠠᠳᠬᠠᠵᠢᠭᠤᠯᠬᠤ ᠳᠤ | ᠨᠡᠯᠢᠶᠡᠳ ᠴᠠᠭ ᠬᠡᠷᠡᠭᠰᠡᠬᠦ ᠪᠦᠭᠡᠳ ᠴᠢᠨᠠᠭᠰᠢᠯᠠᠪᠠᠯ ᠬᠠᠯᠠᠵᠤ ᠴᠢᠳᠠᠬᠤ ᠦᠬᠡᠢ ᠦᠵᠡᠭᠳᠡᠯ ᠴᠤ ᠢᠯᠡᠷᠡᠳᠡᠭ᠃ | ᠤᠴᠢᠷ ᠨᠢ᠂ ᠭᠡᠷ ᠤᠨ ᠰᠤᠷᠭᠠᠯ ᠠᠨᠠᠢ ᠬᠡᠤᠬᠡᠳ ᠢ ᠪᠠᠭᠰᠢ ᠠᠴᠠ ᠬᠠᠯᠠᠵᠤ ᠰᠠᠶᠢᠵᠢᠷᠠᠭᠤᠯᠬᠤ ᠭᠡᠵᠦ ᠡᠳᠦᠷᠵᠢᠨ | ᠰᠠᠨᠠᠭᠤᠯᠵᠤ ᠬᠡᠯᠡᠭᠰᠡᠭᠡᠷ ᠪᠠᠶᠢᠭᠠᠳ ᠨᠢᠭᠡ ᠪᠦᠯᠦᠭ ᠬᠡᠤᠬᠡᠳ ᠤᠯᠠᠮ ᠨᠠᠵᠠᠭᠠᠶᠢᠷᠠᠵᠤ᠂ ᠪᠠᠭᠰᠢ ᠳᠠᠭᠠᠨ ᠰᠦᠷᠭᠡᠤ | ᠲᠠᠨᠢᠯᠲᠠ ᠲᠠᠢ ᠪᠤᠯᠵᠤ᠂ ᠪᠠᠭᠰᠢ ᠳᠠᠭᠠᠨ ᠳᠤᠷ᠎ᠠ ᠦᠭᠡᠶᠢᠴᠡᠬᠦ ᠪᠤᠳᠤᠯ ᠤᠷᠤᠬᠤ ᠪᠤᠶᠤ ᠡᠰᠡᠭᠦᠯ᠎ᠡ ᠪᠡᠶ᠎ᠡ ᠪᠠᠨ | ᠭᠤᠯᠤᠬᠤ ᠦᠵᠡᠭᠳᠡᠯ ᠪᠤᠢ ᠪᠤᠯᠵᠤ᠂ ᠨᠢᠭᠡᠨ ᠨᠠᠰᠤᠨ ᠤ ᠮᠤᠷᠠᠯ ᠰᠤᠷᠲᠠᠯ᠂ ᠵᠠᠩ ᠠᠷᠠᠨᠰᠢᠨ ᠨᠢ ᠳᠦᠷᠢᠮᠵᠢᠵᠦ | ᠴᠢᠳᠠᠬᠤ ᠦᠭᠡᠢ᠂ ᠰᠤᠯᠠ ᠵᠠᠳᠠᠭᠠᠢ ᠳᠠᠳᠬᠠᠯ ᠲᠠᠢ ᠪᠤᠯᠵᠤ ᠬᠤᠴᠤᠷᠳᠠᠭ᠃ | 2. ᠭᠡᠷ ᠪᠦᠯᠢ ᠶᠢᠨ ᠰᠤᠷᠭᠠᠨ ᠬᠦᠮᠦᠵᠢᠯ ᠨᠢ ᠬᠡᠤᠬᠡᠳ ᠤᠨ ᠢᠷᠡᠭᠡᠳᠦᠢ ᠳᠤ ᠭᠡᠷᠡᠯᠲᠤ ᠴᠠᠮᠬᠠᠭ ᠪᠤᠯᠳᠠᠭ᠃ | ᠬᠠᠯᠠᠭᠤᠨ ᠳᠤᠯᠠᠭᠠᠨ ᠬᠠᠶᠢᠷ᠎ᠠ᠂ ᠪᠦᠷᠢᠨ ᠪᠦᠲᠦᠨ ᠭᠡᠷ ᠪᠦᠯᠢ ᠲᠠᠢ ᠬᠡᠤᠬᠡᠳ ᠪᠠ ᠴᠡᠭᠡᠷ ᠬᠤᠷᠢᠭ᠎ᠠ ᠲᠠᠢ᠂ | ᠰᠤᠷᠭᠠᠯ ᠰᠠᠶᠢᠨᠲᠠᠢ ᠬᠡᠤᠬᠡᠳ ᠤᠨ ᠦᠪᠯᠡᠵᠦ ᠠᠪᠬᠤ ᠰᠤᠷᠲᠠᠯ᠂ ᠡᠷᠢᠯ ᠬᠦᠰᠡᠯ᠂ ᠴᠢᠷᠮᠠᠶᠢᠯᠭ᠎ᠠ ᠱᠠᠭᠠᠷᠳᠠᠯᠭ᠎ᠠ᠂ | ᠢᠲᠡᠭᠡᠯ ᠵᠤᠷᠢᠭ ᠵᠡᠷᠭᠡ ᠠᠯᠢ ᠤᠯᠠᠨ ᠲᠠᠯ᠎ᠠ ᠪᠠᠷ ᠪᠤᠰᠤᠳ ᠬᠡᠤᠬᠡᠳ ᠲᠠᠢ ᠬᠠᠷᠢᠴᠠᠭᠤᠯᠪᠠᠯ ᠮᠠᠰᠢ ᠳᠠᠪᠠᠭᠤᠯᠢᠭ | ᠲᠠᠯ᠎ᠠ ᠲᠠᠢ ᠪᠠᠶᠢᠳᠠᠭ᠃ ᠡᠭᠦᠨ ᠤ ᠡᠰᠡᠷᠭᠦ ᠪᠠᠷ᠂ ᠮᠠᠰᠢ ᠰᠡᠴᠡᠨ ᠰᠡᠷᠭᠦᠯᠡᠩ ᠬᠡᠤᠬᠡᠳ ᠪᠠᠶᠢᠲᠠᠯ᠎ᠠ ᠦᠰᠦᠨ ᠪᠤᠶᠢᠵᠢᠬᠤ | ᠶᠠᠪᠤᠴᠠ ᠳᠤᠮᠳᠠ ᠭᠡᠷ ᠪᠦᠯᠢ ᠶᠢᠨ ᠨᠠᠵᠠᠭᠠᠢ ᠨᠦᠯᠦᠭᠡ ᠠᠴᠠ ᠳᠠᠷᠤᠭᠠᠰᠤ ᠠᠪᠴᠤ᠂ ᠢᠲᠡᠭᠡᠯ ᠠᠯᠳᠠᠨ᠂ ᠴᠢᠷᠮᠠᠶᠢᠯᠭ᠎ᠠ | ᠮᠡᠬᠦᠰ ᠪᠤᠯᠵᠤ᠂ ᠪᠡᠶ᠎ᠡ ᠳᠡᠭᠡᠨ ᠱᠠᠭᠠᠷᠳᠠᠯᠭ᠎ᠠ ᠲᠤᠯᠢᠮᠠᠭ ᠪᠤᠯᠬᠤ ᠦᠵᠡᠭᠳᠡᠯ ᠵᠦᠩᠳᠡᠭᠡᠨ ᠬᠠᠷᠠᠭᠳᠠᠬᠤ ᠪᠤᠯᠪᠠ᠃ | ᠤᠴᠢᠷ ᠨᠢ ᠨᠡᠶᠢᠭᠡᠮ ᠤᠨ ᠬᠦᠭᠵᠢᠯᠲᠡ ᠪᠠ ᠠᠮᠢᠳᠤᠷᠠᠯ ᠤᠨ ᠨᠦᠬᠦᠴᠡᠯ ᠤᠨ ᠵᠦᠷᠢᠴᠡᠯᠲᠦ ᠴᠢᠨᠠᠷ ᠨᠢ ᠬᠡᠤᠬᠡᠳ ᠤᠨ | ᠬᠦᠯᠢᠶᠡᠨ ᠠᠪᠬᠤ ᠰᠡᠳᠬᠢᠴᠡ ᠶᠢ ᠰᠢᠭᠤᠳ ᠰᠦᠷᠭᠡᠤ ᠪᠠᠷ ᠨᠦᠯᠦᠭᠡᠯᠡᠵᠦ᠂ ᠵᠠᠳᠠᠭᠠᠢ ᠤᠪᠤᠷ ᠢ ᠪᠦᠷᠢᠯᠳᠦᠭᠦᠯᠬᠦ | ᠦᠵᠡᠭᠳᠡᠯ ᠲᠠᠩᠲᠠ ᠤᠷᠤᠰᠢᠵᠤ ᠪᠤᠢ᠃ ᠡᠨᠡ ᠨᠢ ᠭᠡᠷ ᠪᠦᠯᠢ ᠶᠢᠨ ᠰᠤᠷᠭᠠᠨ ᠬᠦᠮᠦᠵᠢᠯ ᠨᠢ ᠰᠤᠷᠭᠠᠭᠤᠯᠢ ᠶᠢᠨ | ᠰᠤᠷᠭᠠᠨ ᠬᠦᠮᠦᠵᠢᠯ ᠪᠠ ᠨᠡᠶᠢᠭᠡᠮ ᠤᠨ ᠰᠤᠷᠭᠠᠨ ᠬᠦᠮᠦᠵᠢᠯ ᠢ ᠬᠦᠷᠲᠡᠬᠦ ᠳᠤ ᠯᠤᠲᠤ ᠶᠡᠭᠡ ᠰᠠᠭᠤᠷᠢ ᠪᠤᠯᠳᠠᠭ ᠪᠦᠭᠡᠳ | ᠬᠡᠤᠬᠡᠳ ᠤᠨ ᠨᠢᠭᠡ ᠨᠠᠰᠤᠨ ᠤ ᠦᠰᠦᠨ ᠪᠤᠶᠢᠵᠢᠯᠲᠠ ᠳᠤ ᠲᠦᠯᠬᠢᠴᠡ ᠦᠢᠯᠡᠳᠦᠯ ᠦᠵᠡᠭᠦᠯᠳᠡᠭ ᠭᠡᠳᠡᠭ ᠢ | ᠦᠢᠯᠡᠳᠦᠯᠭᠡ ᠪᠠᠷ ᠭᠡᠷᠡᠴᠢᠯᠡᠵᠦ ᠪᠤᠢ᠃ ᠡᠶᠢᠮᠦ ᠠᠴᠠ ᠭᠡᠷ ᠤᠨ ᠠᠬᠠᠮᠠᠳ ᠪᠤᠯᠤᠭᠰᠠᠳ᠂ ᠬᠡᠤᠬᠡᠳ ᠲᠤ ᠪᠠᠨ ᠬᠡᠷᠬᠢᠨ | ᠳᠦᠷᠢᠮ ᠳᠠᠭᠤᠷᠢᠶᠠᠯ ᠪᠤᠯᠬᠤ᠂ ᠬᠡᠤᠬᠡᠳ ᠢᠶᠠᠨ ᠬᠡᠷᠬᠢᠨ ᠰᠤᠷᠭᠠᠨ ᠬᠦᠮᠦᠵᠢᠭᠦᠯᠬᠦ ᠲᠤᠬᠠᠢ ᠰᠤᠳᠤᠯᠤᠨ᠂ | ᠬᠡᠤᠬᠡᠳ ᠲᠤ ᠵᠦᠪ ᠡᠨᠧᠷᠬᠢ ᠶᠢ ᠤᠯᠭᠤᠨ᠂ ᠬᠡᠤᠬᠡᠳ ᠤᠨ ᠢᠷᠡᠭᠡᠳᠦᠢ ᠳᠤ ᠬᠠᠷᠢᠭᠤᠴᠠᠬᠤ ᠶᠢ ᠬᠦᠰᠡᠵᠦ ᠪᠠᠶᠢᠨ᠎ᠠ᠃ | ᠰᠤᠷᠭᠠᠭᠤᠯᠢ᠂ ᠭᠡᠷ ᠪᠦᠯᠢ᠂ ᠨᠡᠶᠢᠭᠡᠮ ᠵᠡᠷᠭᠡ ᠶᠢᠨ ︽ᠭᠤᠷᠪᠠᠨ ᠲᠤᠤᠷᠵᠢᠯ︾ ᠤᠨ ᠬᠠᠮᠵᠢᠯᠴᠠᠭ᠎ᠠ ᠶᠢ ᠰᠠᠶᠢᠲᠤᠷ ᠪᠤᠢ | ᠪᠤᠯᠭᠠᠨ᠂ ᠬᠡᠤᠭᠡᠳ ᠢᠶᠠᠨ ᠵᠦᠪ ᠬᠦᠮᠦᠵᠢᠭᠦᠯᠬᠦ ᠳᠤ ᠠᠩᠬᠠᠷᠣᠯ ᠢᠶᠠᠨ ᠬᠠᠨᠳᠤᠭᠤᠯᠬᠤ ᠶᠢ ᠬᠦᠰᠡᠶ᠎ᠡ︕ |