ᠵᠣᠬᠢᠶᠠᠭᠴᠢ᠄ ᠡᠷᠳᠡᠨᠢᠡᠤᠳᠦ | ᠦᠪᠡᠷᠳᠡᠬᠡᠨ ᠵᠠᠰᠠᠬᠤ ᠤᠷᠤᠨ ᠪᠠᠶᠢᠭᠤᠯᠤᠭᠳᠠᠭᠰᠠᠨ | ᠦᠪᠡᠳᠡᠭᠰᠢ ᠳᠠᠯᠠᠨ ᠵᠢᠯ ᠪᠤᠯᠬᠤ ᠳᠤ | ᠡᠵᠢ ᠮᠢᠨᠢ ᠳᠠᠯ᠎ᠠ ᠬᠦᠷᠤᠯ᠎ᠠ | ᠠᠪᠤ ᠴᠤ ᠳᠠᠯ᠎ᠠ ᠦᠩᠬᠡᠷᠡᠯ᠎ᠠ | ᠡᠩᠬᠦᠷᠡᠢ ᠡᠵᠢ ᠲᠠᠢ ᠰᠠᠴᠠᠭᠤ | ᠦᠪᠡᠷᠳᠡᠬᠡᠨ ᠵᠠᠰᠠᠬᠤ ᠤᠷᠤᠨ ᠢᠶᠠᠨ | ᠦᠷ᠎ᠠ ᠬᠡᠤᠬᠡᠳ ᠪᠦᠬᠦᠨ ᠨᠢ | ᠡᠵᠢ ᠲᠠᠢ ᠪᠠᠨ ᠴᠤᠭ ᠪᠡᠯᠬᠡᠯᠡᠨᠠ | ᠮᠤᠷᠢᠨ ᠬᠤᠭᠤᠷ ᠢᠶᠠᠨ ᠬᠦᠭᠯᠡᠨ | ᠤᠷᠳᠤ ᠶᠢᠨ ᠳᠠᠭᠤᠤ ᠪᠠᠨ ᠳᠠᠭᠤᠯᠠᠵᠤ | ᠡᠪ ᠬᠠᠮᠳᠤ ᠨᠠᠮ ᠢᠶᠠᠨ | ᠡᠬᠦᠷᠢᠳᠡ ᠮᠠᠭᠳᠠᠨ ᠳᠠᠭᠤᠯᠠᠨ᠎ᠠ | ᠦᠩᠬᠡ ᠶᠢᠨ ᠴᠡᠴᠡᠭ ᠰᠢᠭ | ᠦᠨᠳᠤᠰᠤᠳᠡᠨ ᠪᠦᠬᠦᠨ | ᠦᠤᠷ ᠤᠨ ᠳᠤᠶᠠᠭ᠎ᠠ ᠲᠠᠢ ᠵᠡᠷᠬᠡᠴᠡᠨ | ᠦᠰᠤᠷᠴᠤ ᠳᠡᠭᠳᠡᠨ ᠪᠦᠵᠢᠭᠯᠡᠨ᠎ᠠ | ᠰᠢᠨ᠎ᠠ ᠠᠮᠵᠢᠯᠳᠠ ᠪᠠᠨ ᠮᠠᠭᠳᠠᠬᠤ ᠳᠤ | ᠬᠠᠭᠤᠴᠢᠨ ᠢᠶᠠᠨ ᠡᠷᠬᠢᠴᠡᠬᠦᠯᠬᠦ ᠶᠤᠰᠤᠳᠠᠢ | ᠰᠢᠯᠢᠳᠡᠭ ᠪᠦᠳᠦᠬᠡᠯ ᠢᠶᠠᠨ ᠳᠠᠭᠤᠯᠠᠬᠤ ᠳᠤ | ᠰᠢᠮᠳᠡᠵᠤ ᠴᠢᠷᠮᠠᠶᠢᠭᠰᠠᠨ ᠢᠶᠠᠨ ᠮᠡᠳᠡᠬᠦ ᠬᠡᠷᠡᠭᠳᠡᠢ | ᠳᠦᠴᠢᠨ ᠳᠤᠯᠤᠭᠠᠨ ᠤᠨ ᠳᠤ | ᠳᠦᠮᠡᠨ ᠪᠡᠷᠬᠡᠰᠢᠶᠡᠯ ᠢ ᠳᠤᠭᠤᠯᠠᠵᠤ | ᠦᠪᠡᠷᠳᠡᠬᠡᠨ ᠵᠠᠰᠠᠬᠤ ᠤᠷᠤᠨ ᠢᠶᠠᠨ | ᠡᠬᠦᠰᠬᠡᠵᠤ ᠪᠠᠶᠢᠭᠤᠯᠤᠭᠰᠠᠨ ᠡᠷᠢᠨ ᠳᠤ | ᠤᠷᠤᠭ᠎ᠠ ᠪᠤᠰᠬᠠᠭ᠎ᠠ ᠴᠠᠭ ᠢ ᠦᠩᠬᠡᠷᠡᠬᠦᠯᠵᠤ ᠢᠷᠡᠭᠰᠡᠨ | ᠤᠷᠤᠨ ᠪᠠᠶᠢᠷᠢ ᠪᠠᠨ ᠪᠠᠶᠢᠭᠤᠯᠬᠤ ᠪᠠᠷ | ᠳᠡᠶᠢᠳᠤᠵᠤ ᠢᠷᠡᠭᠰᠡᠨ | ᠶᠠᠳᠠᠭᠤ ᠳᠤᠷᠤᠢ ᠠᠮᠢᠳᠤᠷᠠᠯ ᠢ | ᠳᠤᠭᠤᠯᠠᠵᠤ ᠢᠷᠡᠭᠰᠡᠨ | ᠶᠠᠭᠠᠷᠠᠤ ᠰᠠᠨᠳᠤᠷᠤ ᠪᠦᠳᠦᠬᠡᠯ ᠢ | ᠳᠠᠭᠤᠯᠠᠵᠤ ᠢᠷᠡᠭᠰᠡᠨ | ᠰᠤᠶᠤᠯ ᠤᠨ ᠰᠠᠶᠢᠬᠠᠨ ᠦᠪ ᠢᠶᠠᠨ | ᠰᠦᠢᠳᠬᠡᠵᠤ ᠬᠠᠶᠠᠭᠰᠠᠨ | ᠰᠦᠮ᠎ᠠ ᠬᠡᠶᠢᠳ ᠤᠨ ᠪᠦᠳᠦᠬᠡᠯ ᠢ | ᠰᠦᠷᠡᠬᠡᠢ ᠨᠤᠷᠠᠭᠠᠭᠰᠠᠨ | ᠪᠦᠯᠬᠦᠮᠳᠡᠯ ᠨᠢᠭᠳᠠᠷᠠᠯ ᠢ ᠰᠤᠯᠠᠷᠠᠭᠤᠯᠵᠤ | ᠪᠦᠳᠤᠨ ᠵᠦᠢᠯ ᠢ ᠬᠠᠭᠠᠯᠠᠵᠤ ᠮᠤᠷᠤᠢ ᠰᠠᠷᠤᠢ ᠶᠠᠪᠤᠵᠤ | ᠮᠠᠭᠤᠬᠠᠢ ᠠᠭᠠᠰᠢᠯᠠᠵᠤ ᠢᠷᠡᠭᠰᠡᠨ | ᠪᠤᠰᠤᠳ ᠤᠯᠤᠰ ᠬᠦᠷᠤᠨ ᠢᠶᠠᠷ | ᠪᠤᠰᠤᠯᠭᠠᠵᠤ ᠬᠠᠶᠠᠭᠰᠠᠨ ᠤᠨ ᠵᠢᠯ | ᠪᠤᠶᠠᠨᠳᠤ ᠤᠷᠤᠨ ᠢᠶᠠᠨ ᠴᠢᠯᠦᠬᠡᠯᠡᠬᠦ ᠪᠠᠷ | ᠪᠠᠶᠢᠯᠳᠤᠵᠤ ᠢᠷᠡᠭᠰᠡᠨ ᠴᠠᠭ ᠡᠷᠢᠨ | ᠦᠷᠡᠭᠳᠡᠭᠰᠡᠨ ᠪᠠᠭᠠᠳᠤᠷᠴᠤᠳ ᠤᠨ ᠴᠢᠰᠤ ᠶᠢ | ᠭᠠᠵᠠᠷ ᠲᠠᠭᠠᠨ ᠰᠢᠩᠬᠡᠬᠡᠭᠰᠡᠨ | ᠦᠷᠤᠬᠡᠯ ᠪᠤᠰᠤᠳ ᠤᠨ ᠳᠤᠷᠤᠮᠵᠢᠯᠠᠯ ᠢ | ᠦᠬᠦᠳᠡᠯ᠎ᠠ ᠪᠠᠨ ᠠᠮᠰᠠᠭᠰᠠᠨ | ᠡᠪ ᠬᠠᠮᠳᠤ ᠨᠠᠮ ᠤᠨ ᠤᠳᠤᠷᠢᠳᠤᠯᠭ᠎ᠠ ᠪᠠᠷ | ᠡᠨᠡᠬᠦ ᠬᠦᠴᠢᠷ ᠢ ᠳᠠᠪᠠᠵᠤ ᠢᠷᠡᠭᠰᠡᠨ | ᠦᠷᠬᠡᠨ ᠤᠯᠠᠨ ᠠᠷᠠᠳ ᠳᠦᠮᠡᠨ ᠴᠤ | ᠤᠬᠠᠮᠰᠠᠷ ᠠᠴᠠ ᠪᠠᠨ ᠳᠠᠮᠵᠢᠵᠤ ᠢᠷᠡᠭᠰᠡᠨ | ᠦᠬᠡᠷᠡᠴᠢᠯᠡᠯᠳᠡ ᠨᠡᠬᠡᠬᠡᠯᠳᠡ ᠶᠢᠨ ᠰᠠᠶᠢᠨ ᠢᠶᠠᠷ | ᠦᠬᠡᠳᠡᠯᠡᠵᠤ ᠢᠷᠡᠭᠰᠡᠨ ᠴᠠᠭ ᠡᠷᠢᠨ | ᠦᠨᠢᠷ ᠪᠠᠶᠠᠯᠢᠭ ᠠᠮᠢᠳᠤᠷᠠᠯ ᠢᠶᠠᠨ | ᠦᠬᠡᠳᠡ ᠨᠢ ᠳᠠᠳᠠᠭᠰᠠᠨ ᠳᠠᠯᠠᠨ ᠵᠢᠯ | ᠳᠠᠯ᠎ᠠ ᠳᠦᠬᠦᠷᠡᠩ ᠮᠠᠯ ᠪᠡᠯᠴᠢᠬᠡᠷᠯᠡᠭᠰᠡᠨ | ᠳᠠᠶᠢᠪᠤᠩ ᠠᠮᠢᠳᠤᠷᠠᠯ ᠲᠠᠢ ᠳᠠᠯᠠᠨ ᠵᠢᠯ | ᠳᠠᠨ᠎ᠠ ᠰᠤᠪᠤᠳ ᠡᠷᠳᠡᠨᠢ ᠪᠠᠨ | ᠳᠠᠶᠠᠭᠠᠷ ᠢᠶᠠᠨ ᠡᠳ᠋ᠯᠡᠭᠰᠡᠨ ᠳᠠᠯᠠᠨ ᠵᠢᠯ | ᠲᠧᠨᠢᠭ ᠮᠡᠷᠬᠡᠵᠢᠯ ᠢ ᠬᠦᠭᠵᠢᠬᠦᠯᠵᠤ | ᠳᠠᠶᠠᠩ ᠳᠡᠯᠡᠬᠡᠢ ᠳᠤ ᠠᠯᠳᠠᠷᠰᠢᠭᠰᠠᠨ | ᠳᠠᠪᠤᠨ ᠳᠢᠪ ᠤᠨ ᠨᠦᠬᠦᠷᠯᠡᠯ ᠢᠶᠠᠷ | ᠳᠠᠪᠠ ᠪᠠᠷ ᠢᠶᠠᠨ ᠵᠤᠭᠠᠴᠠᠭᠰᠠᠨ ᠳᠠᠯᠠᠨ ᠵᠢᠯ | ᠡᠷᠡᠬᠦᠯ ᠬᠠᠮᠠᠭᠠᠯᠠᠯ ᠤᠨ ᠭᠠᠵᠠᠷ ᠲᠠᠢ | ᠡᠮᠨᠡᠯᠬᠡ ᠶᠢᠨ ᠰᠦᠢᠳᠬᠡᠯ ᠤᠨ ᠬᠠᠷᠠᠭᠠᠯᠵᠠᠯ ᠲᠠᠢ | ᠡᠷᠡᠬᠦᠯ ᠡᠩᠬᠡ ᠶᠢᠨ ᠪᠠᠳᠤᠯᠠᠭ᠎ᠠ ᠲᠠᠢ | ᠡᠪ ᠨᠠᠶᠢᠷᠠᠮᠳᠠᠭᠤ ᠤᠷᠴᠢᠨ ᠲᠠᠢ | ᠬᠤᠳᠠ ᠬᠦᠳᠡᠭᠡ ᠶᠢᠨ ᠵᠦᠷᠢᠶ᠎ᠠ ᠪᠠᠭᠠᠰᠴᠤ | ᠬᠤᠳᠠᠯᠠ ᠤᠯᠠᠨ ᠤ ᠤᠬᠠᠮᠰᠠᠷ ᠳᠡᠬᠡᠭᠰᠢᠯᠡᠵᠤ | ᠡᠷᠦᠬᠡ ᠪᠤᠯᠭᠠᠨ ᠴᠠᠬᠢᠯᠭᠠᠨ ᠬᠡᠷᠡᠭᠰᠡᠯ ᠲᠠᠢ | ᠦᠬᠡᠳᠡᠯᠡᠨ ᠮᠠᠨᠳᠤᠭᠰᠠᠨ ᠠᠵᠤ ᠠᠮᠢᠳᠤᠷᠠᠯ ᠲᠠᠢ | ᠵᠠᠰᠠᠮᠠᠯ ᠵᠠᠮ ᠨᠡᠪᠳᠡᠷᠡᠯᠬᠡ ᠲᠠᠢ | ᠵᠠᠰᠠᠭ ᠤᠨ ᠳᠠᠯ᠎ᠠ ᠠᠴᠠ ᠳᠡᠮᠵᠢᠯᠬᠡ ᠲᠠᠢ | ᠠᠰᠠᠷ ᠳᠠᠭᠳᠤ ᠶᠢᠨ ᠰᠠᠭᠤᠴᠠ ᠲᠠᠢ | ᠠᠮᠢᠳᠤᠷᠠᠯ ᠤᠨ ᠰᠠᠶᠢᠬᠠᠨ ᠳᠤᠭᠤᠷᠢᠭ ᠲᠠᠢ | ᠬᠤᠷᠳᠤᠴᠠ ᠰᠠᠶᠢᠨᠳᠠᠢ ᠳᠡᠷᠬᠡ ᠪᠠᠷ | ᠬᠤᠷᠸ᠎ᠠ ᠶᠢ ᠳᠤᠭᠤᠷᠢᠭᠰᠠᠨ | ᠬᠤᠪᠢᠯᠭᠠᠨ ᠵᠠᠪᠢ ᠤᠩᠭᠤᠴᠠ ᠶᠢ | ᠬᠦᠬᠡ ᠤᠭᠳᠠᠷᠭᠤᠢ ᠳᠤ ᠨᠢᠰᠬᠡᠭᠰᠡᠨ | ᠴᠠᠭᠢᠯᠭᠠᠨ ᠰᠤᠷᠠᠭ ᠴᠢᠮᠡᠭᠡ ᠪᠠᠷ | ᠪᠦᠬᠦ ᠪᠦᠮᠪᠦᠷᠴᠢᠭ ᠢ ᠡᠵᠡᠮᠳᠡᠭᠰᠡᠨ | ᠴᠢᠯᠦᠬᠡᠯᠡᠬᠦ ᠴᠡᠷᠢᠭ ᠤᠨ ᠬᠦᠴᠤ ᠶᠢ | ᠵᠠᠯᠠᠭᠤᠷᠳᠤ ᠰᠤᠮᠤ ᠪᠤᠯᠭᠠᠭᠰᠠᠨ | ᠠᠷᠠᠳ ᠳᠦᠮᠡᠨ ᠤ ᠰᠡᠳᠬᠢᠯ ᠨᠢ | ᠳᠠᠶᠢᠪᠤᠩ ᠪᠤᠯᠤᠭᠰᠠᠨ ᠳᠠᠯᠠᠨ ᠵᠢᠯ | ᠠᠭᠤᠤ ᠨᠠᠮ ᠢᠶᠠᠨ ᠮᠠᠭᠳᠠᠭᠰᠠᠨ | ᠠᠮᠤᠭᠤᠯᠠᠩ ᠰᠠᠶᠢᠬᠠᠨ ᠳᠠᠯᠠᠨ ᠵᠢᠯ | ᠠᠷᠠᠳ ᠳᠦᠮᠡᠨ ᠢᠶᠠᠨ ᠬᠡᠰᠡᠨ | ᠠᠭᠤᠤ ᠨᠠᠮ ᠤᠨ ᠴᠢᠭᠯᠡᠯ ᠨᠢ | ᠠᠯᠤᠰ ᠤᠨ ᠪᠤᠳᠤᠯᠭ᠎ᠠ ᠳᠠᠭᠠᠨ ᠳᠤᠬᠢᠷᠠᠭᠰᠠᠨ | ᠠᠰᠢᠳᠠ ᠶᠢᠨ ᠤᠳᠤ ᠰᠢᠬ ᠬᠡᠷᠡᠯ ᠲᠠᠢ | ᠡᠪ ᠬᠠᠮᠳᠤ ᠶᠢᠨ ᠰᠠᠶᠢᠨ ᠢᠶᠠᠷ | ᠡᠩ ᠤᠨ ᠠᠷᠠᠳ ᠴᠤ ᠪᠠᠶᠠᠵᠢᠯᠠ | ᠡᠨᠡ ᠰᠠᠶᠢᠬᠠᠨ ᠴᠠᠭ ᠡᠷᠢᠨ ᠢᠶᠠᠨ | ᠡᠬᠦᠷᠢᠳᠡ ᠬᠠᠶᠢᠷᠠᠯᠠᠵᠤ ᠶᠠᠪᠤᠶ᠎ᠠ︕ |