— ᠠᠴᠢᠳᠤ ᠡᠵᠢ ᠶᠢᠨ ᠳᠤᠷᠠᠳᠬᠠᠯ ᠳᠤ | ᠡᠯᠢᠭᠡᠨ ᠠᠴᠠ ᠨᠢ ᠪᠤᠯᠠᠭᠯᠠᠭᠰᠠᠨ ᠳᠦᠯᠭᠡᠬᠡᠨ ᠬᠡᠬᠡᠷ᠎ᠡ | ᠡᠷᠬᠢᠨ ᠡᠷᠬᠢᠨ ᠲᠡᠭᠢᠷᠯᠡᠵᠦ ᠨᠠᠮᠢᠷᠠᠨ᠎ᠠ | ᠡᠷᠭᠢ ᠪᠠᠨ ᠢᠯᠪᠢᠵᠦ | ᠡᠯᠡᠰᠦᠨ ᠳᠤ ᠨᠢ ᠰᠢᠮᠡᠳᠡᠨ ᠰᠢᠮᠠᠳᠠᠨ ᠤᠷᠤᠰᠤᠨ᠎ᠠ | ᠡᠩᠨᠡᠭᠦᠯᠵᠦ ᠪᠠᠷᠢᠭᠰᠠᠨ ᠮᠤᠩᠭᠤᠯ ᠭᠡᠷ ᠰᠢᠤᠬᠠᠨ | ᠡᠭᠡᠭᠡ ᠢᠵᠢᠯᠡᠬᠡᠨ ᠭᠤᠷᠪᠠᠨ ᠣᠪᠣᠭ᠎ᠠ | ᠡᠵᠢ ᠶᠢᠨ ᠮᠢᠨᠢ ᠣᠪᠣᠭ᠎ᠠ ᠠᠳᠡ ᠰᠦᠭᠯᠡᠶᠢᠨᠡ︕ | ᠬᠤᠯᠠ ᠶᠢᠨ ᠪᠠᠷ᠎ᠠ ᠳᠤ ᠬᠦᠪᠡᠭᠡᠨ ᠵᠤ | ᠬᠤᠷᠠᠭᠰᠠᠨ ᠠᠳᠣᠭᠤᠳ ᠲᠠᠢ ᠵᠡᠷᠭᠡᠯᠭᠡᠨᠳᠡᠨᠡ | ᠬᠤᠵᠢᠷ ᠲᠠᠢ ᠳᠡᠷᠡᠰᠦ ᠨᠢ ᠵᠢᠷᠦᠬᠡ ᠳᠠᠭᠠᠵᠤ | ᠬᠠᠭᠤᠴᠢ ᠳᠣᠮᠤᠭ ᠢᠶᠠᠷ ᠢᠶᠠᠨ ᠳᠠᠯᠠᠯᠠᠨ ᠳᠠᠯᠠᠯᠠᠨ ᠱᠤᠤᠬᠢᠨᠡ | ᠬᠤᠷᠳᠤᠨ ᠬᠦᠯᠦᠭ ᠤᠨ ᠮᠤᠨᠳᠠᠭᠠᠨ ᠳᠡᠭᠡᠭᠦᠷ | ᠬᠤᠭᠤᠷ ᠤᠨ ᠲᠣᠪᠰᠢᠭᠤᠷ ᠰᠢᠭ᠋ ᠴᠣᠪᠬᠢᠴᠠᠭᠰᠠᠨ ᠳᠤᠷᠠᠰᠤᠮᠵᠢ | ᠬᠤᠯᠤᠰᠤ ᠲᠠᠢ ᠴᠦᠩᠬᠦᠯ ᠤᠨ ᠢᠶᠠᠨ ᠰᠡᠷᠢᠭᠦᠨ ᠪᠤᠯᠠᠭ ᠲᠠᠭᠠᠨ | ᠬᠤᠨᠢᠶᠠᠰᠤᠷᠠᠨ ᠬᠤᠨᠢᠶᠠᠰᠤᠷᠠᠨ ᠲᠣᠯᠢᠳᠠᠭᠳᠠᠬᠤ ᠳᠤ | ᠬᠦᠨᠳᠦᠭᠡᠨ ᠰᠡᠳᠬᠢᠯ ᠤᠨ ᠮᠢᠨᠢ ᠡᠮᠵᠢᠭᠬᠡᠨ ᠵᠠᠢ ᠳᠤ | ᠬᠦᠷᠦᠭᠡᠳ ᠢᠷᠡᠴᠢᠭᠡᠬᠦ ᠴᠦ ᠪᠢᠯᠢᠤ︖ ᠭᠡᠬᠦ | ᠬᠡᠤᠭᠡᠳ ᠲᠡᠨᠡᠭᠵᠢᠶᠡᠷᠬᠡᠨ ᠪᠣᠳᠤᠯ ᠰᠡᠷᠭᠦᠭᠡᠵᠦ | ᠬᠦᠯᠦᠰᠦ ᠶᠢ ᠨᠢ ᠴᠦ ᠭᠡᠳ | ᠲᠠᠩᠨᠠᠢ ᠳᠠᠭᠠᠨ ᠲᠠᠮᠰᠢᠶᠠᠯᠠᠭᠰᠠᠨ ᠨᠤᠲᠤᠭ ᠤᠨ ᠮᠢᠨᠢ | ᠬᠦᠷᠡᠩ ᠭᠤᠪᠢ ᠶᠢᠨ ᠬᠢᠨᠢ ᠬᠠᠶᠢᠳᠠᠭ ᠢᠩᠭᠡ ᠰᠠᠭᠠᠮᠠᠰᠠᠷᠠᠨ ᠪᠤᠶᠢᠯᠠᠵᠤ | ᠬᠦᠭᠡᠷᠦᠬᠦᠢ ᠡᠵᠢ ᠶᠢᠨ ᠮᠢᠨᠢ ᠠᠷᠭ᠎ᠠ ᠦᠭᠡᠢ ᠯᠠ ᠡᠷᠢᠭᠳᠡᠨ᠎ᠡ ᠡ | ᠡᠵᠢ ᠶᠢᠨ ᠮᠢᠨᠢ ᠣᠪᠣᠭ᠎ᠠ | ᠡᠵᠢ ᠠᠴᠠ ᠮᠢᠨᠢ ᠬᠤᠶᠢᠰᠢ | ᠡᠵᠢ ᠰᠢᠭ ᠰᠠᠨᠠᠭᠳᠠᠭᠰᠠᠨ | ᠡᠷᠢᠶᠡᠨ ᠭᠤᠪᠢ ᠶᠢᠨ ᠮᠢᠨᠢ ᠤᠯᠠᠭᠠᠨ ᠣᠪᠣᠭ᠎ᠠ | ᠠᠷᠴᠠᠨ ᠰᠢᠪᠡᠭᠡᠳᠦ ᠴᠢᠯᠠᠭᠤᠨ ᠮᠠᠨᠳᠠᠯ ᠢ ᠴᠢᠨᠢ | ᠠᠯᠠᠭᠬᠠᠨ ᠵᠢᠷᠦᠭᠡᠨ ᠤ ᠪᠠᠨ ᠴᠢᠰᠤ ᠶᠢ ᠤᠭᠰᠢᠭᠤᠯᠵᠤ | ᠠᠯᠤᠰ ᠤᠨ ᠭᠠᠵᠠᠷ ᠠᠴᠠ ᠰᠦᠷᠳᠡᠨ ᠪᠠᠷᠠᠯᠠᠯ᠎ᠠ | ᠠᠶᠠᠷᠬᠠᠨ ᠢᠯᠪᠢᠬᠦ ᠬᠡᠭᠡᠷ᠎ᠠ ᠶᠢᠨ ᠰᠠᠯᠬᠢ ᠶᠢ | ᠠᠯᠠᠭᠠᠨ ᠤ ᠬᠢᠨᠢ ᠳᠤᠯᠠᠭᠠᠨ ᠢᠶᠠᠷ ᠡᠵᠢ ᠪᠠᠨ ᠭᠡᠵᠦ ᠲᠠᠨᠢᠯ᠎ᠠ | ᠡᠵᠢ ᠶᠢᠨ ᠮᠢᠨᠢ ᠣᠪᠣᠭ᠎ᠠ | ᠡᠵᠢ ᠲᠠᠢ ᠮᠢᠨᠢ ᠠᠳᠠᠯᠢ ᠡᠨᠡᠷᠢᠯ ᠭᠡᠶᠢᠭᠦᠯᠦᠭᠰᠡᠨ | ᠡᠯᠡᠰᠦᠨ ᠭᠤᠪᠢ ᠶᠢᠨ ᠮᠢᠨᠢ ᠤᠯᠠᠭᠠᠨ ᠣᠪᠣᠭ᠎ᠠ | ᠰᠦᠯᠳᠡᠨ ᠰᠡᠷᠡᠭᠡ᠂ ᠬᠢᠯᠭᠠᠰᠤᠨ ᠬᠦᠬᠦᠯ᠂ ᠬᠦᠷᠡᠩ ᠰᠢᠷᠤᠭ | ᠰᠦᠭ ᠰᠦᠨᠡᠰᠦᠨ ᠤ ᠮᠢᠨᠢ ᠰᠦᠷ ᠬᠦᠴᠦᠨ | ᠰᠦᠷᠦᠭᠯᠡᠬᠦ ᠮᠠᠯ ᠤᠨ ᠢᠶᠠᠨ ᠳᠠᠯᠠᠯᠭ᠎ᠠ ᠠᠪᠴᠤ | ᠰᠡᠭᠦᠳᠡᠷ ᠲᠤ ᠴᠢᠨᠢ ᠪᠠᠭᠲᠠᠵᠤ ᠦᠰᠦᠭᠰᠡᠨ ᠪᠦᠬᠦᠨ ᠳᠤ | ᠮᠠᠨᠠᠩᠳᠤ ᠨᠤᠲᠤᠭ ᠤᠨ ᠢᠶᠠᠨ ᠬᠤᠷᠮᠣᠢ ᠶᠢ ᠳᠡᠷᠤᠭᠰᠠᠨ ᠣᠷᠭᠢᠯ | ᠮᠣᠩᠭᠤᠯ ᠲᠦᠮᠡᠨ ᠤ ᠪᠠᠨ ᠬᠡᠶᠢᠮᠤᠷᠢ ᠳᠠᠯᠠᠯᠤᠭᠰᠠᠨ ᠲᠡᠭᠷᠢ | ᠬᠡᠭᠡᠷ᠎ᠡ ᠶᠢᠨ ᠭᠤᠣᠯ ᠤᠨ ᠤᠯᠠᠭᠠᠨ ᠣᠪᠣᠭ᠎ᠠ | ᠬᠡᠵᠢᠶ᠎ᠡ ᠴᠦ ᠰᠡᠳᠬᠢᠯ ᠤᠨ ᠮᠢᠨᠢ ᠡᠵᠢ ᠣᠪᠣᠭ᠎ᠠ | ᠬᠡᠨ ᠳᠤ ᠴᠦ ᠬᠡᠯᠡᠮᠡ ᠦᠭᠡᠢ ᠭᠤᠨᠢᠭ ᠪᠠᠶᠠᠰᠤᠯ ᠢᠶᠠᠨ | ᠡᠵᠢ ᠠᠴᠠ ᠪᠠᠨ ᠬᠤᠶᠢᠰᠢ ᠴᠢᠮ᠎ᠠ ᠳᠤ ᠰᠢᠪᠡᠨᠡᠭᠰᠡᠨ ᠶᠤᠮ | ᠡᠭᠡᠯᠢ ᠬᠡᠭᠡᠷ᠎ᠡ ᠶᠢᠨ ᠡᠷᠭᠢ ᠣᠪᠣᠭ᠎ᠠ | ᠡᠭᠴᠡ ᠪᠣᠰᠤᠭ᠎ᠠ ᠱᠣᠪᠬᠤ ᠣᠪᠣᠭ᠎ᠠ | ᠡᠯᠡᠰᠦᠨ ᠭᠤᠪᠢ ᠶᠢᠨ ᠮᠢᠨᠢ ᠤᠯᠠᠭᠠᠨ ᠣᠪᠣᠭ᠎ᠠ | ᠡᠵᠢ ᠲᠠᠢ ᠮᠢᠨᠢ ᠠᠳᠠᠯᠢ ᠰᠢᠳᠦᠭᠡᠨ ᠣᠪᠣᠭ᠎ᠠ | ᠪᠠᠯ ᠢ ᠴᠢᠨᠢ ᠪᠦᠷᠬᠦᠵᠦ ᠲᠠᠭᠠᠨ᠎ᠠ ᠶᠢᠨ ᠴᠡᠴᠡᠭ | ᠪᠠᠭᠴᠠᠯᠠᠨ ᠪᠠᠭᠴᠠᠯᠠᠨ ᠭᠠᠩᠬᠤᠨ᠎ᠠ | ᠪᠡᠯᠴᠢᠭᠡᠷ ᠢ ᠴᠢᠨᠢ ᠳᠠᠭᠠᠵᠤ | ᠲᠠᠨᠠᠨ ᠰᠦᠷᠦᠭ ᠳᠡᠯᠭᠡᠨ ᠳᠡᠯᠭᠡᠨ ᠢᠳᠡᠰᠢᠯᠡᠨ᠎ᠡ | ᠬᠠᠳᠠᠭ ᠤᠨ ᠵᠠᠯᠠᠨ ᠳᠤ ᠴᠢᠨᠢ ᠳᠠᠯᠪᠠᠭᠠᠯᠠᠵᠤ | ᠬᠠᠶᠢᠷ᠎ᠠ ᠶᠢᠨ ᠰᠢᠯᠦᠭ ᠤᠶᠠᠩᠭᠠᠷᠠᠨ ᠤᠶᠠᠩᠭᠠᠷᠠᠨ ᠲᠠᠷᠪᠠᠨᠠ | ᠬᠠᠯᠠᠭᠤᠨ ᠡᠯᠢᠭᠡᠨ ᠳᠤ ᠴᠢᠨᠢ ᠮᠡᠭᠰᠢᠵᠦ | ᠬᠠᠶᠢᠷᠠᠲᠠᠢ ᠡᠵᠢ ᠪᠠᠨ ᠦᠭᠡᠶᠢᠯᠡᠨ ᠦᠨᠦᠴᠢᠷᠡᠨ ᠳᠤᠷᠠᠰᠤᠨ᠎ᠠ᠃ | ᠵᠣᠬᠢᠶᠠᠭᠴᠢ ᠶᠢᠨ ᠲᠠᠨᠢᠯᠴᠠᠭᠤᠯᠭ᠎ᠠ | ᠳ᠋ᠦᠩ ᠰᠤᠶᠤᠯᠲᠤ᠄ ᠳᠠᠷᠬᠠᠨ ᠪᠠᠶᠢᠯ᠎ᠡ ᠶᠢᠨ ᠬᠤᠰᠢᠭᠤᠨ ᠤ ᠬᠢᠷ᠎ᠠ ᠰᠤᠮᠤ ᠶᠢᠨ ᠤᠤᠭᠠᠯ᠂ ᠰᠢᠷᠠᠭᠴᠢᠨ ᠲᠠᠬᠢᠶ᠎ᠠ | ᠵᠢᠯ ᠳᠤ ᠤᠳᠠᠶᠢᠵᠠᠬᠠᠷ ᠵᠠᠮᠤᠰᠤᠨᠳᠤᠩᠭᠤᠢ ᠶᠢᠨ ᠭᠡᠷ ᠲᠤ ᠵᠠᠶᠠᠭᠠᠭᠳᠠᠵᠤ᠂ ᠡᠴᠢᠭᠡ ᠶᠢᠨ ᠳᠡᠷᠭᠡᠳᠡ ᠠᠴᠠ ᠮᠤᠩᠭᠤᠯ | ᠰᠤᠶᠤᠯ ᠤᠨ ᠢᠶᠠᠨ ᠡᠷᠴᠢ ᠦᠪᠯᠡᠵᠦ᠂ ᠡᠷᠳᠡᠮ ᠤᠨ ᠬᠠᠷᠭᠤᠢ ᠳᠤ ᠢᠷᠠᠭᠤ ᠨᠠᠶᠢᠷᠠᠭ ᠤᠨ ᠳᠦᠷᠦᠭᠡᠨ ᠳᠤ | ᠦᠨᠳᠡᠶᠢᠪᠠ᠃ 《 ᠰᠦᠯᠳᠡ ᠶᠢᠨ ᠴᠡᠩᠭᠡᠷ ᠨᠣᠲᠤᠭ 》 ᠪᠦᠳᠦᠭᠡᠯ ᠤᠨ ᠤᠤᠭᠠᠨ ᠲᠡᠭᠦᠪᠦᠷᠢ ᠲᠠᠢ ᠦᠪᠦᠷ | ᠮᠤᠩᠭᠤᠯ ᠤᠨ ᠵᠣᠬᠢᠶᠠᠯᠴᠢᠳ ᠤᠨ ᠡᠪᠯᠡᠯ ᠤᠨ ᠭᠡᠰᠢᠭᠦᠨ᠂ ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ | ᠪᠤᠳᠠᠰ ᠤᠨ ᠪᠣᠰᠤ ᠰᠤᠶᠤᠯ ᠤᠨ ᠦᠪᠯᠡᠭᠴᠢ᠂ ᠪᠠᠭᠰᠢ ᠶᠢᠨ ᠠᠯᠪᠠᠳᠠᠨ᠃ | |