ᠠᠭᠠᠭᠢᠮ᠎ᠠ ᠬᠠᠯᠠᠭᠤᠨ ᠵᠤᠨ ᠤ ᠡᠳᠦᠷ᠂ ᠮᠠᠱᠢ ᠣᠯᠠᠨ ᠬᠥᠮᠦᠰ ᠥᠨᠳᠥᠷ ᠬᠠᠯᠠᠭᠤᠨ ᠠᠴᠠ ᠵᠶᠢᠯ ᠠᠬᠤ ᠶᠢᠨ | ᠲᠥᠯᠥᠭᠡ ᠡᠳᠦᠷᠵᠢᠨ ᠰᠥᠨᠢᠵᠢᠨ ᠠᠭᠠᠷ ᠲᠣᠬᠢᠷᠠᠭᠤᠯ ᠤᠭᠴᠢ ᠶᠢ ᠨᠡᠭᠡᠭᠡᠬᠦ ᠣᠢᠶ᠎ᠠ ᠳᠤ᠂ ᠮᠠᠱᠢ ᠣᠯᠠᠨ ᠬᠥᠮᠦᠰ | ᠪᠦᠭ ᠴᠢᠮ ᠡ ᠬᠠᠯᠠᠭᠤᠨ ᠳᠤ ᠲᠡᠰᠴᠦ ᠳᠡᠢᠯᠬᠦ ᠦᠭᠡᠢ ᠪᠣᠯᠤᠭᠰᠠᠨ ᠦᠶ᠎ᠡ ᠳᠤ᠂ ᠡᠬᠡ ᠤᠯᠤᠰ ᠤᠨ ᠤᠮᠠᠷᠠᠲᠤ | ᠣᠷᠣᠨ ᠤ ᠭᠠᠷᠮᠠᠭᠠᠢ ᠱᠢᠶᠠᠩ ᠳᠤ ᠪᠠᠢᠷᠢᠯᠠᠵᠤ᠂ ᠬᠠᠷᠢᠨ ᠲᠡᠭᠦᠨ ᠤ ︽ᠰᠡᠷᠢᠭᠦᠨ ᠵᠢᠭᠤᠯᠴᠢᠯᠠᠯ︾ ᠢᠶᠠᠷ ᠬᠤᠶᠠᠷ | ᠭᠠᠷ ᠢᠶᠠᠨ ᠳᠡᠯᠭᠡᠨ ᠦᠵᠡᠭᠦᠯᠵᠦ᠂ ᠬᠠᠯᠠᠭᠤᠨ ᠠᠴᠠ ᠵᠶᠢᠯᠠᠬᠤ ᠮᠥᠷᠲᠡᠭᠡᠨ ᠤᠮᠠᠷᠠᠲᠤ ᠬᠢᠯᠢ ᠶᠢᠨ ᠰᠣᠶᠣᠯ ᠤᠨ ᠪᠠᠰᠠ | ᠨᠢᠭᠡᠨ ᠰᠠᠯᠠᠭ᠎ᠠ ᠵᠢᠭᠤᠯᠴᠢᠯᠠᠯ ᠤᠨ ᠪᠦᠯᠬᠦᠮ ᠢ ᠬᠠᠯᠠᠭᠤᠨ ᠢᠶᠠᠷ ᠬᠦᠯᠢᠶᠡᠨ ᠠᠪᠴᠤ᠂ ᠵᠤᠭᠠᠴᠠᠭᠰᠠᠳ ᠲᠤ ︽ | ᠰᠡᠷᠢᠭᠦᠨ ᠵᠢᠭᠤᠯᠴᠢᠯᠠᠯ︾ ᠠᠴᠠ ᠠᠪᠴᠢᠷᠠᠭᠰᠠᠨ ᠰᠡᠷᠢᠭᠦᠨ ᠲᠠᠭᠠᠯᠠᠮᠵᠢᠲᠠᠢ ᠰᠠᠨᠠᠭᠳᠠᠪᠠ᠃ | ︽ᠰᠡᠷᠢᠭᠦᠨ ᠵᠢᠭᠤᠯᠴᠢᠯᠠᠯ︾ ᠤᠨ ᠢᠨᠵᠧᠨᠧᠷᠢᠩ ᠢ ᠬᠡᠷᠡᠭᠵᠢᠭᠦᠯᠬᠦ ᠪᠣᠯ ᠵᠦᠸᠧᠽᠢ ᠰᠢᠶᠠᠨ ᠤ ᠨᠠᠮ ᠤᠨ ᠬᠤᠷᠢᠶ᠎ᠠ | ᠂ ᠵᠠᠰᠠᠭ ᠤᠨ ᠣᠷᠳᠣᠨ ᠭᠠᠵᠠᠷ ᠣᠷᠣᠨ ᠤ ᠵᠣᠨ ᠤ ᠤᠯᠠᠷᠢᠯ ᠤᠨ ᠰᠡᠷᠢᠭᠦᠨ ᠲᠠᠭᠠᠯᠠᠮᠵᠢᠲᠠᠶ᠂ ᠬᠠᠯᠠᠭᠤᠨ ᠠᠴᠠ | ᠵᠠᠶᠢᠯᠠᠬᠤ ᠳᠤ ᠲᠣᠬᠢᠷᠠᠮᠵᠢᠲᠠᠶ ᠪᠠᠶᠢᠭᠠᠯᠢ ᠶᠢᠨ ᠳᠠᠪᠠᠭᠤᠯᠢᠭ ᠪᠠᠶᠢᠵᠤ᠂ ᠪᠠᠰᠠ ᠨᠢᠭᠡᠨ ᠰᠣᠶᠣᠯ ᠵᠢᠭᠤᠯᠴᠢᠯᠠᠯ ᠤᠨ | ᠬᠦᠴᠦᠷᠬᠡᠭ ᠵᠦᠢᠯ ᠪᠣᠯᠤᠨ᠎ᠠ᠃ | ᠵᠦᠸᠧᠽᠢ ᠰᠢᠶᠠᠨ ᠡᠬᠡ ᠤᠯᠤᠰ ᠤᠨ ︽ᠳᠥᠷᠪᠡᠨ ᠶᠡᠭᠡ ᠥᠨᠳᠦᠷᠯᠢᠭ︾ ᠤᠨ ᠬᠤᠶᠠᠳᠤᠭᠠᠷ ᠥᠨᠳᠦᠷᠯᠢᠭ - | ᠥᠪᠥᠷ ᠮᠣᠩᠭᠤᠯ ᠤᠨ ᠥᠨᠳᠦᠷᠯᠢᠭ ᠤᠨ ᠳᠤᠮᠳᠠ ᠬᠡᠰᠡᠭ ᠲᠤ ᠪᠠᠶᠢᠷᠢᠯᠠᠵᠤ᠂ ᠤᠮᠠᠷᠠᠲᠤ ᠥᠷᠭᠡᠷᠢᠭ ᠤᠨ 40 | ᠭᠷᠠᠳᠦ᠋ᠰ ᠠᠴᠠ 41 ᠭᠷᠠᠳᠦ᠋ᠰ᠂ ᠳᠤᠮᠳᠠᠴᠢ ᠳᠠᠯᠠᠢ ᠶᠢᠨ ᠲᠦᠪᠰᠢᠨ ᠠᠴᠠ 1750 ᠮᠧᠳ᠋ᠷ ᠡᠷᠭᠦᠭᠳᠡᠵᠡᠢ᠃ ᠠᠳᠡ | ᠡᠳᠦᠷ ᠰᠥᠨᠢ ᠶᠢᠨ ᠳᠤᠯᠠᠭᠠᠨ ᠤ ᠵᠥᠷᠢᠶ᠎ᠡ ᠶᠡᠭᠡ᠂ ᠵᠤᠨ ᠤ ᠤᠯᠠᠷᠢᠯ ᠤᠨ ᠳᠤᠮᠳᠠᠴᠢ ᠠᠭᠠᠷ ᠤᠨ ᠳᠤᠯᠠᠭᠠᠨ 27 | ᠭᠷᠠᠳᠦ᠋ ᠰ᠊ ᠠᠴᠠ ᠬᠡᠲᠦᠷᠡᠬᠦ ᠦᠭᠡᠢ᠂ ᠣᠷᠣᠢ ᠶᠢᠨ ᠰᠡᠷᠢᠭᠦᠨ ᠲᠠᠭᠠᠯᠠᠮᠵᠢᠲᠠᠢ᠂ ᠱᠢᠶᠠᠩ ᠤ ᠬᠡᠪᠴᠢᠶᠡᠨ ᠤ ᠣᠷᠣᠨ | ᠵᠠᠢ ᠨᠢ ᠶᠠᠭ ᠲᠢᠶᠠᠨ ᡁᠢ ᠭᠠᠵᠠᠷ ᠱᠢᠭ᠋ ᠯᠤᠲᠤ ᠶᠡᠭᠡ ᠠᠭᠠᠷ ᠲᠣᠬᠢᠷᠠᠭᠤᠯᠤᠭᠴᠢ ᠲᠣᠬᠢᠷᠠᠭᠤᠯᠵᠠᠢ᠂ ᠦᠨᠡᠬᠡᠷ | ᠲᠠᠭᠠᠯᠠᠮᠵᠢᠲᠠᠢ᠃ | ᠲᠡᠭᠡᠪᠡᠯ ᠵᠦᠸᠧᠽᠢ ᠰᠢᠶᠠᠨ ᠴᠣᠬᠤᠮ ᠬᠡᠷᠬᠢᠨ ᠰᠡᠷᠢᠭᠦᠨ ᠣᠷᠣᠨ ᠳᠤ ᠪᠢᠳᠡ ᠺᠠᠷᠲ ᠴᠣᠬᠢᠬᠤ ᠵᠤᠭᠠᠴᠠᠯ ᠤᠨ | ᠪᠠᠭ᠋ᠠᠲᠠᠶ ᠬᠥᠮᠦᠰ ᠢ ᠳᠠᠭᠠᠵᠤ᠂ ᠭᠠᠷᠮᠠᠭᠠᠶ ᠪᠠᠯᠠ ᠮᠥᠩᠭᠦ ᠶᠢᠨ ︽ᠰᠡᠷᠢᠭᠦᠨ ᠵᠢᠭᠤᠯᠴᠢᠯᠠᠯ︾ ᠤᠨ ᠳᠡᠯᠡᠬᠡᠶ | ᠶᠢᠷᠲᠢᠨᠴᠦ ᠶᠢ ᠬᠠᠮᠲᠤ ᠪᠠᠷ ᠣᠶᠢᠯᠠᠭᠠᠭᠤᠯᠪᠠ᠃ | ᠥᠨᠳᠦᠷᠯᠢᠭ ᠤᠨ ᠠᠯᠵᠢᠯ ᠤᠨ ᠲᠠᠯᠠᠪᠠᠢ ᠥᠷᠭᠡᠨ ᠠᠭᠤᠳᠠᠮ ᠰᠡᠷᠢᠭᠦᠨ ᠭᠠᠵᠠᠷ᠃ ᠮᠠᠰᠢᠨ ᠲᠡᠷᠭᠡ ᠨᠢ | ᠥᠪᠡᠷᠲᠡᠭᠡᠨ ᠵᠠᠰᠠᠬᠤ ᠣᠷᠣᠨ ᠤ ᠲᠥᠪ ᠬᠥᠬᠡᠬᠤᠲᠠ ᠠᠴᠠ ᠡᠭᠦᠰᠴᠦ᠂ ᠵᠡᠭᠦᠨᠰᠢ ᠵᠦᠸᠧᠽᠢ ᠰᠢᠶᠠᠨ ᠤ ᠬᠠᠷᠢᠶ᠎ᠠ | ᠣᠷᠣᠨ ᠳᠤ ᠬᠦᠷᠴᠦ᠂ ᠴᠢᠩ ᠱᠠᠨ ᠠᠭᠤᠯᠠ ᠵᠠᠯᠭᠠᠯᠳᠤᠭᠰᠠᠨ ᠪᠥᠯᠥᠭᠯᠡᠯ ᠤᠨ ᠠᠭᠤᠯᠠ ᠶᠢ ᠲᠤᠭᠤᠯᠵᠤ᠂ ᠮᠠᠰᠢᠨ | ᠲᠡᠷᠭᠡ ᠨᠢ ᠮᠤᠷᠦ᠋ᠢᠭ᠌ᠰᠠᠨ ᠪᠠᠶᠢᠳᠠᠯ ᠢᠯᠡᠷᠡᠵᠦ᠂ ᠳᠠᠯᠠᠢ ᠶᠢᠨ ᠲᠥᠪᠰᠢᠨ ᠠᠴᠠ 2200 ᠮᠧᠳ᠋ᠷ ᠡᠷᠭᠦᠭᠳᠡᠭᠰᠡᠨ | ᠤᠯᠠᠭᠠᠨ ᠠᠰᠬ᠎ᠠ ᠬᠠᠳᠠ ᠶᠢᠨ ᠥᠨᠳᠦᠷᠯᠢᠭ ᠤᠨ ᠮᠠᠯᠵᠢᠯ ᠤᠨ ᠲᠠᠯᠠᠪᠠᠢ ᠪᠠᠷ ᠬᠦᠷᠪᠡ᠃ ᠬᠥᠬᠡ ᠣᠭᠲᠠᠷᠭᠤᠶ ᠠᠯᠤᠰ | ᠬᠤᠯᠠ᠂ ᠴᠠᠭᠠᠨ ᠡᠭᠦᠯᠡᠨ ᠳᠤ ᠬᠥᠪᠡᠭᠡ ᠬᠢᠵᠠᠭᠠᠷ ᠦᠭᠡᠢ ᠠᠭᠤᠳᠠᠮ ᠲᠠᠯ᠎ᠠ ᠨᠤᠲᠤᠭ ᠳᠡᠭᠡᠷ᠎ᠡ ᠰᠣᠷᠭᠤᠭ ᠴᠡᠴᠡᠭ | ᠮᠢᠷᠠᠯᠵᠠᠨ ᠳᠡᠯᠭᠡᠷᠡᠵᠦ᠂ ᠪᠦᠷᠭᠦᠳ ᠬᠠᠯᠢᠨ ᠨᠢᠰᠦᠨ᠎ᠡ᠃ ᠲᠡᠷᠡ ᠭᠱᠠᠨ ᠳᠤ ᠬᠤᠪᠣᠷ ᠵᠢᠭᠦᠷᠲᠡᠨ ᠠᠷᠢᠶᠠᠲᠠᠨ ᠭᠠᠷᠴᠤ᠂ | ᠨᠣᠭᠤᠭᠠᠨ ᠬᠡᠪᠢᠰ ᠳᠡᠭᠡᠷ᠎ᠡ ᠲᠠᠷᠭᠤᠨ ᠦᠬᠡᠷ ᠬᠤᠨᠢ ᠪᠠᠷ ᠵᠤᠭᠠᠴᠠᠨ᠂ ᠣᠳᠣᠨ ᠮᠡᠴᠢᠳ ᠪᠦᠷᠬᠦᠭᠰᠡᠨ ᠮᠣᠩᠭᠤᠯ | ᠭᠡᠷ ᠤᠨ ᠰᠦᠷᠦᠭ᠂ ᠮᠠᠯᠴᠢᠨ᠂ ᠵᠤᠭᠠᠴᠠᠭᠰᠠᠳ ᠰᠦᠷ ᠵᠢᠪᠬᠤᠯᠠᠩᠲᠠᠢ ᠳᠠᠭᠤᠤ᠂ ᠤᠷᠢᠬᠠᠨ ᠰᠠᠯᠬᠢ ᠰᠡᠷ ᠰᠡᠷ | ᠦᠯᠢᠶᠡᠵᠦ᠂ ᠴᠡᠴᠡᠭ ᠤᠨ ᠠᠩᠬᠢᠯᠤᠮ᠎ᠠ ᠦᠨᠦᠷ ᠬᠥᠮᠦᠨ ᠤ ᠰᠡᠳᠭᠢᠯ ᠢ ᠳᠡᠯᠭᠡᠵᠦ᠂ ᠰᠡᠷᠢᠭᠦᠨ ᠲᠥᠷᠥᠭᠳᠡᠯ ᠨᠢ | ᠬᠥᠮᠦᠨ ᠤ ᠰᠡᠳᠭᠢᠯ ᠢ ᠳᠣᠭᠳᠣᠯᠤᠭᠤᠯᠵᠤ᠂ ᠲᠠᠯ᠎ᠠ ᠨᠤᠲᠤᠭ ᠢᠶᠠᠷ ᠪᠦᠷᠢᠯᠳᠦᠭᠰᠡᠨ ᠭᠤᠶᠣ ᠵᠢᠷᠤᠭ ᠨᠢ ᠮᠠᠱᠢ ᠭᠤᠶᠣ᠃ | | ᠴᠠᠭᠠᠨ ᠬᠤᠰᠤᠨ ᠣᠢ ᠶᠢᠨ ᠭᠡᠷ᠂ ᠪᠠᠯᠠᠷ ᠣᠢ ᠶᠢᠨ ᠠᠮᠢᠳᠤᠷᠠᠬᠤ ᠭᠠᠵᠠᠷ᠃ 4A ᠳᠡᠰ ᠤᠨ ᠵᠢᠭᠤᠯᠴᠢᠯᠠᠯ ᠤᠨ | ᠦᠵᠡᠮᠵᠢ ᠶᠢᠨ ᠣᠷᠣᠨ ᠤ ᠯᠢᠨ ᠬᠤ ᠭᠦ ᠰᠠᠢ ᠪᠠᠯᠠᠷ ᠡᠷᠲᠡᠨ ᠤ ᠴᠠᠭᠠᠨ ᠬᠤᠰᠤᠨ ᠣᠢ ᠶᠢᠨ ᠭᠦᠨ ᠳᠤ ᠪᠠᠷᠢᠭᠰᠠᠨ | ᠮᠣᠳᠣᠨ ᠭᠡᠷ ᠢ ᠪᠦᠷ ᠴᠠᠭᠠᠨ ᠬᠤᠰᠤᠨ ᠣᠢ ᠠᠴᠠ ᠮᠣᠳᠣᠨ ᠮᠠᠲ᠋ᠧᠷᠢᠶᠠᠯ ᠪᠣᠯᠭᠠᠨ ᠪᠠᠢᠭᠤᠯᠵᠤ᠂ ᠬᠡᠷᠡᠮ ᠤᠨ ᠣᠷᠣᠢ᠂ | ᠭᠡᠷ ᠤᠨ ᠣᠷᠣᠢ᠂ ᠱᠢᠷᠡᠭᠡ ᠰᠠᠨᠳᠠᠯᠢ᠂ ᠱᠠᠯᠠ ᠬᠠᠪᠲᠠᠰᠤ ᠶᠢ ᠪᠦᠷ ᠴᠠᠭᠠᠨ ᠬᠤᠰᠤᠨ ᠮᠣᠳᠣ ᠪᠠᠷ ᠳᠡᠪᠢᠰᠴᠡᠢ᠃ | ᠴᠠᠭᠠᠨ ᠥᠩᠭᠡ ᠶᠢᠨ ᠮᠣᠳᠣᠨ ᠥᠷᠥᠭᠡ ᠨᠦᠭᠦᠳ ᠨᠢ ᠵᠠᠯᠭᠠᠯᠳᠤᠨ ᠰᠠᠭᠤᠵᠤ᠂ ᠮᠣᠳᠣᠨ ᠭᠡᠷ ᠲᠤ ᠠᠮᠠᠷᠠᠵᠤ᠂ ᠡᠬᠡ | ᠪᠠᠶᠢᠭᠠᠯᠢ ᠶᠢᠨ ᠡᠪᠦᠷ ᠳᠡᠭᠡᠷ᠎ᠡ ᠲᠠᠯᠪᠢᠭᠳᠠᠵᠤ᠂ ᠴᠠᠭᠠᠨ ᠬᠤᠰᠤ ᠮᠣᠳᠣᠨ ᠤ ᠠᠩᠬᠢᠯᠤᠮ᠎ᠠ ᠦᠨᠦᠷ ᠢᠶᠠᠷ | ᠣᠶᠢᠵᠢᠭᠤᠯᠵᠤ᠂ ᠣᠢ ᠶᠢᠨ ᠬᠤᠭᠤᠷᠣᠨᠳᠣᠬᠢ ᠨᠠᠮ ᠵᠢᠮ ᠪᠠᠶᠢᠳᠠᠯ ᠨᠢ ᠰᠡᠷᠢᠭᠦᠨ ᠪᠥᠭᠡᠳ ᠳᠤᠯᠠᠭᠠᠬᠠᠨ ᠪᠠᠶᠢᠵᠤ᠂ | ᠬᠥᠮᠦᠰ ᠲᠤ ᠶᠡᠷᠦ ᠠᠴᠠ ᠪᠠᠶᠢᠵᠤ ᠥᠩᠭᠡᠷᠡᠭᠰᠡᠨ ᠦᠭᠡᠢ ᠭᠤᠶᠤ ᠰᠠᠶᠢᠬᠠᠨ ᠢ ᠮᠡᠳᠡᠷᠡᠭᠦᠯᠦᠨ᠎ᠡ᠃ ᠴᠠᠭᠠᠨ ᠬᠤᠰᠤᠨ | ᠣᠢ ᠳᠤ ᠪᠣᠯᠣᠳ ᠱᠢᠷᠪᠥᠰᠥ ᠦᠭᠡᠢ ᠱᠦᠢᠨᠢ ᠦᠭᠡᠢ᠂ ᠪᠣᠬᠢᠷᠳᠠᠯ ᠦᠭᠡᠢ᠂ ᠦᠢᠮᠡᠭᠡᠨ ᠱᠤᠤᠭᠢᠶᠠᠨ ᠦᠭᠡᠢ᠂ | ᠣᠢ ᠶᠢᠨ ᠰᠠᠯᠬᠢ ᠰᠡᠷ ᠰᠡᠷ ᠰᠠᠯᠬᠢᠯᠠᠵᠤ᠂ ᠬᠦᠷᠡᠯᠵᠡᠵᠦ ᠪᠠᠢᠨ᠎ᠠ᠃ ᠵᠢᠶᠠᠩᠰᠦ ᠨᠤᠲᠤᠭ ᠲᠠᠢ ᠵᠢᠭᠤᠯᠴᠢᠯᠠᠭᠴᠢ ᠵᠦ | ᠠᠪᠠᠭ᠋ᠠᠢ ᠬᠡᠳᠦᠨ ᠡᠳᠦᠷ ᠴᠠᠭᠠᠨ ᠬᠤᠰᠤᠨ ᠮᠣᠳᠤᠨ ᠭᠡᠷ ᠲᠤ ᠰᠠᠭᠤᠭᠠᠳ᠄ ︽ᠮᠣᠳᠣᠨ ᠭᠡᠷ ᠵᠤᠰᠠᠯᠠᠩ ᠠᠴᠠ | ᠳᠡᠭᠡᠷ᠎ᠡ ᠠᠰᠠᠷ ᠠᠴᠠ ᠳᠡᠭᠡᠷ᠎ᠡ᠂ ᠯᠢᠨ ᠬᠣ᠋ ᠭᠦ᠋ ᠰᠠᠶᠢ ᠶᠢᠨ ᠦᠵᠡᠮᠵᠢ ᠶᠢᠨ ᠣᠷᠣᠨ ᠳᠤ ᠪᠢᠳᠡ ᠶᠡᠭᠡ ᠬᠢᠩᠭᠠᠨ | ᠳᠠᠪᠠᠭᠠᠨ ᠤ ᠥᠩᠭᠡ ᠦᠵᠡᠮᠵᠢ᠂ ᠣᠷᠴᠣᠨ ᠦᠨᠳᠦᠰᠦᠲᠡᠨ ᠤ ᠥᠩᠭᠡᠷᠡᠭᠰᠡᠨ ᠤ ᠠᠮᠢᠳᠤᠷᠠᠯ ᠢ ᠣᠶᠢᠯᠠᠭᠠᠵᠤ ᠪᠠᠶᠢᠨ᠎ᠠ ᠁ | ︾ ᠭᠡᠵᠦ ᠰᠣᠨᠢᠷᠬᠠᠯᠲᠠᠢ ᠶᠠᠷᠢᠵᠠᠢ᠃ | ᠰᠡᠷᠢᠭᠦᠨ ᠲᠠᠭᠠᠯᠠᠮᠵᠢᠲᠠᠢ ᠵᠢᠭᠤᠯᠴᠢᠯᠠᠯ ᠤᠨ ᠲᠡᠷᠢᠭᠦᠨ ᠰᠣᠩᠭᠤᠯᠲᠠ᠃ ᠯᠢᠨ ᠬᠧ ᠭᠦ᠋ ᠰᠠᠢ᠂ ᠵᠢᠦ ᠯᠦᠩ ᠸᠠᠨ | ᠵᠡᠷᠭᠡ ᠦᠵᠡᠮᠵᠢ ᠶᠢᠨ ᠣᠷᠣᠨ ᠳᠤ᠂ ᠣᠩᠭᠤᠳ ᠨᠢ ᠴᠢᠩ ᠾᠧ ᠭᠤᠣᠯ ᠤᠨ ᠤᠰᠤ ᠶᠢ ᠳᠠᠭᠠᠯᠳᠤᠨ ᠤᠷᠤᠰᠴᠤ᠂ | ᠠᠭᠤᠯᠠᠨ ᠬᠠᠢᠷ᠎ᠠ ᠶᠢ ᠭᠡᠲᠦᠯ ᠦᠨ᠂ ᠵᠠᠷᠢᠮ ᠳᠠᠭᠠᠨ ᠬᠤᠷᠳᠤᠨ ᠪᠠᠢᠵᠤ᠂ ᠵᠠᠷᠢᠮ ᠳᠠᠭᠠᠨ ︽ᠳᠣᠯᠭᠢᠶ ᠠᠨ ᠢ ᠳᠠᠷᠤᠵᠤ | ︾᠂ ᠦᠵᠡᠮᠵᠢ ᠶᠢᠨ ᠣᠷᠣᠨ ᠳᠤ ᠤᠯᠠᠭᠠᠨ ᠡᠳᠦᠷ ᠤᠨ ᠦᠷᠪᠢᠰᠦᠯ ᠪᠠᠢᠬᠤ ᠦᠭᠡᠢ᠂ ᠬᠥᠯᠥᠷ ᠡᠵᠦ ᠪᠠᠢᠬᠤ ᠦᠭᠡᠢ᠂ | ᠪᠦᠭ ᠴᠢᠮ ᠡ ᠬᠠᠯᠠᠭᠤᠨ ᠨᠢ ᠲᠡᠰᠬᠦ ᠦᠭᠡᠢ ᠪᠣᠯᠤᠭᠰᠠᠨ ᠪᠠᠢᠨ᠎ᠠ᠃ | ᠡᠭᠦᠨ ᠠᠴᠠ ᠭᠠᠳᠠᠨ᠎ᠠ᠂ ᠰᠢᠯ ᠤᠨ ᠬᠥᠭᠦᠷᠭᠡᠨ ᠵᠠᠮ᠂ ᠠᠭᠠᠷ ᠲᠠᠬᠢ ᠳᠡᠭᠡᠰᠦᠨ ᠲᠡᠷᠭᠡ ᠪᠣᠯ ᠪᠠᠰᠠ ᠴᠤ ᠡᠯ᠎ᠡ | ᠦᠵᠡᠮᠵᠢ ᠶᠢᠨ ᠣᠷᠣᠨ ᠤ ᠰᠡᠷᠢᠭᠦᠨ ᠵᠢᠭᠤᠯᠴᠢᠯᠠᠯ ᠤᠨ ᠲᠥᠷᠥᠯ ᠵᠦᠢᠯ ᠪᠣᠯᠤᠨ᠎ᠠ᠃ ᠰᠢᠯ ᠤᠨ ᠬᠥᠭᠦᠷᠭᠡᠨ ᠵᠠᠮ ᠢ | ᠠᠭᠤᠯᠠ ᠬᠢᠭᠡᠳ ᠠᠭᠤᠯᠠ ᠶᠢᠨ ᠬᠤᠭᠤᠷᠣᠨᠳᠣ ᠵᠠᠰᠠᠵᠤ᠂ ᠲᠤᠰ ᠠᠭᠤᠯᠠ ᠨᠢ ᠫᠧᠫᠲ᠋ᠥᠮᠬᠡᠨ ᠠᠭᠤᠯᠠ ᠶᠢ | ᠬᠤᠯᠪᠣᠭᠰᠠᠨ ᠠᠭᠠᠷ ᠤᠨ ᠬᠥᠭᠦᠷᠭᠡ ᠶᠢ ᠪᠦᠷᠢᠯᠳᠦᠭᠦᠯᠵᠦ᠂ ᠵᠢᠭᠤᠯᠴᠢᠯᠠᠭᠴᠢᠳ ᠬᠥᠭᠦᠷᠭᠡᠨ ᠳᠡᠭᠡᠷ᠎ᠡ ᠶᠠᠪᠤᠵᠤ᠂ | ᠠᠭᠤᠯᠠᠨ ᠰᠠᠯᠬᠢ ᠬᠡᠰᠡᠭ ᠢ ᠢᠯᠪᠢᠵᠦ᠂ ᠣᠭᠲᠠᠷᠭᠤᠢ ᠪᠠᠷ ᠥᠩᠭᠡᠶᠢᠨ ᠥᠩᠭᠡ ᠪᠠᠷ ᠥᠩᠭᠡᠯᠡᠵᠦ᠂ ᠣᠯᠠᠨ ᠤ | ᠠᠮᠠᠨ ᠤ ᠬᠢᠷ᠎ᠠ᠂ ᠣᠢ ᠰᠢᠭᠤᠢ ᠶᠢᠨ ᠦᠵᠡᠮᠵᠢᠲᠦ ᠣᠷᠣᠨ ᠣᠯᠠᠨ ᠪᠠᠶᠢᠳᠠᠭ᠃ ᠠᠭᠠᠷ ᠲᠠᠬᠢ ᠲᠠᠲᠠᠭᠤᠷ ᠲᠡᠷᠭᠡ ᠪᠣᠯ | ᠵᠢᠦ ᠯᠦᠩ ᠸᠠᠨ ᠦᠵᠡᠮᠵᠢ ᠶᠢᠨ ᠣᠷᠣᠨ ᠤ ︽ᠰᠡᠷᠢᠭᠦᠨ ᠵᠢᠭᠤᠯᠴᠢᠯᠠᠯ︾ ᠤᠨ ᠲᠥᠷᠥᠯ ᠵᠦᠢᠯ ᠤᠨ ᠨᠢᠭᠡ ᠪᠣᠯᠤᠨ᠎ᠠ᠂ | ᠪᠥᠲᠥᠭᠡᠨ ᠪᠠᠶᠢᠭᠤᠯᠤᠯᠲᠠ ᠶᠢᠨ ᠦᠨᠳᠦᠰᠦᠯᠡᠯ ᠪᠣᠯ ᠭᠠᠵᠠᠷ ᠳᠡᠭᠡᠷᠡᠬᠢ ᠳᠡᠭᠡᠰᠦᠨ ᠲᠡᠷᠭᠡ ᠪᠠᠷ ᠳᠠᠮᠵᠢᠭᠤᠯᠤᠨ | ᠬᠦᠷᠭᠡᠵᠦ᠂ ᠵᠢᠭᠤᠯᠴᠢᠯᠠᠭᠰᠠᠳ ᠢ ᠡᠭᠦᠯᠡᠨ ᠳᠤ ᠰᠠᠪᠠᠯᠠᠭᠰᠠᠨ ᠠᠭᠤᠯᠠᠨ ᠣᠷᠣᠢ ᠳᠤ ᠬᠦᠷᠭᠡᠵᠦ᠂ ᠲᠠᠲᠠᠭᠤᠷ | ᠲᠡᠷᠭᠡ ᠨᠢ ᠵᠢᠭᠤᠯᠴᠢᠯᠠᠭᠴᠢᠳ ᠤᠨ ᠠᠭᠤᠯᠠ ᠠᠪᠠᠷᠢᠬᠤ ᠶᠠᠳᠠᠷᠠᠭ᠎ᠠ ᠶᠢ ᠪᠠᠭᠠᠰᠬᠠᠵᠤ᠂ ︽ᠠᠭᠤᠯᠠᠨ ᠳᠤ ᠰᠠᠭᠤᠬᠤ︾ | ᠰᠡᠳᠡᠯᠲᠡ ᠪᠠ ᠪᠠᠶᠠᠰᠤᠯ ᠲᠥᠷᠥᠭᠳᠡᠯ ᠢ ᠨᠢ ᠡᠷᠢᠵᠦ ᠣᠯᠪᠠ᠃ | ᠰᠡᠷᠢᠭᠦᠨ ᠲᠠᠭᠠᠯᠠᠮᠵᠢᠲᠠᠢ ᠦᠵᠡᠮᠵᠢ ᠶᠢᠨ ᠣᠷᠣᠨ ᠳᠤ᠂ ᠵᠤᠭᠠᠴᠠᠭᠰᠠᠳ ᠵᠦᠸᠧᠽᠢ ᠰᠢᠶᠠᠨ ᠤ ︽ᠰᠡᠷᠢᠭᠦᠨ | ᠵᠢᠭᠤᠯᠴᠢᠯᠠᠯ︾ ᠤᠨ ᠲᠤᠬᠠᠢ ᠮᠠᠭᠲᠠᠭᠠᠯ ᠰᠠᠶᠢᠰᠢᠶᠠᠯ ᠢ ᠲᠠᠰᠤᠷᠠᠯᠲᠠ ᠦᠭᠡᠢ ᠣᠯᠵᠤ ᠪᠠᠶᠢᠯ᠎ᠠ᠃ ︽ᠾᠦᠸᠧ ᠵᠧᠦ︾ | ᠶᠢᠨ ᠲᠦᠷ ᠫ᠊ ᠠᠨ ᠤ ᠬᠤᠲᠣᠭᠤᠷ ᠨᠢ ᠬᠤᠩ ᠱᠢ ᠶᠠ ᠥᠨᠳᠦᠷᠯᠢᠭ ᠤᠨ ᠮᠠᠯᠵᠢᠯ ᠤᠨ ᠲᠠᠯᠠᠪᠠᠢ ᠶᠢᠨ ᠵᠢᠭᠤᠯᠴᠢᠯᠠᠭ | ᠰᠠᠳ ᠨ᠊ ᠢᠭ ᠮᠠᠢ ᠢᠲ ᠢᠭ ᠨᠠ ᠳᠤ ᠣᠷᠣᠵᠤ᠂ ᠲᠡᠷᠡ ︽ᠰᠡᠷᠢᠭᠦᠨ ᠵᠢᠭᠤᠯᠴᠢᠯᠠᠯ︾ ᠢ ᠡᠳ᠋ᠯᠡᠵᠦ᠂ ᠰᠡᠷᠢᠭᠦᠨ | ᠲᠠᠭᠠᠯᠠᠮᠵᠢᠲᠠᠢ ᠪᠣᠯᠤᠭᠰᠠᠨ ᠪᠠᠢᠨ᠎ᠠ᠄ ︽ᠵᠤᠵᠤᠤᠽᠢ ᠱᠢᠶᠠᠨ ᠤ ᠵᠤᠨ᠂ ᠢᠮᠦ ᠰᠡᠷᠢᠭᠦᠨ᠂ ᠡᠨᠡ ᠭᠠᠵᠠᠷ ᠨᠢ ᠰᠡᠷᠢᠭᠦᠨ | ᠪᠠᠢᠬᠤ ᠪᠠᠷ ᠪᠠᠷᠠᠬᠤ ᠦᠭᠡᠢ᠂ ᠦᠵᠡᠮᠵᠢ ᠶᠢᠨ ᠣᠷᠣᠨ ᠳᠤ ᠪᠠᠰᠠ ᠨᠢᠭᠡ ᠱᠢᠮᠠᠭᠤᠯ ᠪᠠᠢᠬᠤ ᠦᠭᠡᠢ᠂ ᠤᠨᠲᠠᠵᠤ | ᠪᠠᠢᠭᠠᠳ ᠪᠠᠲᠠᠭᠠᠨ ᠠ ᠶᠢᠨ ᠠᠩᠬᠢᠯᠤᠮ᠎ᠠ ᠦᠨᠦᠷ ᠦᠭᠡᠢ᠂ ᠢᠮᠦᠷᠬᠦᠦ ᠡᠷᠳᠡᠨᠢ ᠶᠢᠨ ᠭᠠᠵᠠᠷ ᠦᠨᠡᠬᠡᠷ ᠰᠠᠨᠠᠭᠠᠨ ᠳᠤ | ᠦᠭᠡᠢ᠃ ᠮᠠᠨ ᠤ ᠲᠡᠨᠳᠡᠬᠢ ᠵᠤᠨ ᠤ ᠤᠯᠠᠷᠢᠯ ᠤᠨ ᠳᠤᠯᠠᠭᠠᠨ ᠤ ᠬᠡᠮᠵᠢᠶ᠎ᠡ ᠳᠥᠴᠢ ᠲᠠᠪᠢᠨ ᠭᠷᠠᠳᠦ᠋ᠰ ᠲᠤ ᠬᠦᠷᠴᠦ᠂ | ᠬᠡᠵᠢᠶᠡᠳᠡ ᠢᠮᠦ ᠪᠠᠢᠳᠠᠭ ᠤᠴᠢᠷ ᠠᠳᠡ 30 ᠭᠷᠠᠳᠦ᠋ᠰ ᠬᠦᠷᠬᠦ ᠦᠭᠡᠢ ᠪᠥᠭᠡᠳ ᠰᠡᠷᠢᠭᠦᠨ ᠲᠠᠭᠠᠯᠠᠮᠵᠢᠲᠠᠢ | ᠰᠠᠯᠬᠢᠯᠠᠵᠤ᠂ ᠠᠭᠠᠷ ᠲᠣᠬᠢᠷᠠᠭᠤᠯᠤᠭᠴᠢ ᠦᠭᠡᠢ ᠰᠡᠷᠢᠭᠦᠨ ᠲᠠᠭᠠᠯᠠᠮᠵᠢᠲᠠᠢ ᠳᠡᠯᠡᠬᠡᠢ ᠳᠤ ᠵᠤᠭᠠᠴᠠᠵᠤ ᠪᠠᠢᠨ᠎ᠠ᠂ | ᠦᠨᠡᠬᠡᠷ ᠠᠵᠠ ᠵᠢᠷᠭᠠᠯᠲᠠᠢ ᠪᠠᠶᠢᠨ᠎ᠠ︾ ᠭᠡᠪᠡ᠃ | ᠵᠦᠸᠧᠽᠢ ᠰᠢᠶᠠᠨ ᠤ ︽ᠰᠡᠷᠢᠭᠦᠨ ᠵᠢᠭᠤᠯᠴᠢᠯᠠᠯ︾ ᠨᠢ ᠲᠡᠭᠦᠨ ᠤ ᠰᠡᠷᠢᠭᠦᠨ ᠡᠬᠢ ᠪᠠᠶᠠᠯᠢᠭ ᠪᠠ ᠴᠢᠨᠠᠷ | ᠰᠠᠶᠢᠲᠠᠢ ᠦᠢᠯᠡᠴᠢᠯᠡᠭᠡ ᠪᠠᠷ ᠡᠬᠡ ᠤᠯᠤᠰ ᠤᠨ ᠶᠡᠭᠡ ᠮᠥᠷᠡᠨ ᠤ ᠡᠮᠦᠨ᠎ᠡ ᠤᠮᠠᠷ᠎ᠠ᠂ ᠤᠷᠳᠤ ᠴᠠᠭᠠᠨ ᠬᠡᠷᠡᠮ ᠤᠨ | ᠳᠣᠲᠣᠨ᠎ᠠ ᠭᠠᠳᠠᠨ᠎ᠠ ᠵᠢᠴᠢ ᠤᠯᠤᠰ ᠤᠨ ᠭᠠᠳᠠᠭᠠᠳᠤ ᠶᠢᠨ ᠵᠤᠭᠠᠴᠠᠭᠰᠠᠳ ᠤᠨ ᠬᠦᠷᠢᠶᠡᠯᠡᠯ ᠢ ᠣᠯᠵᠠᠢ᠃ 2024 | ᠣᠨ ᠤ 5 ᠰᠠᠷ᠎ᠠ ᠠᠴᠠ ᠨᠠᠰᠢ᠂ ᠯᠢᠨ ᠬᠧ ᠭᠦ᠋ ᠰᠠᠢ᠂ ᠵᠢᠦ ᠯᠦᠩ ᠸᠠᠨ᠂ ᠬᠤᠩ ᠱᠢ ᠶᠠ ᠥᠨᠳᠦᠷᠯᠢᠭ ᠤᠨ | ᠮᠠᠯᠵᠢᠯ ᠤᠨ ᠲᠠᠯᠠᠪᠠᠢ᠂ ᠯᠢ ᠬᠤᠸᠠ ᠪᠠᠯᠭᠠᠰᠤᠨ ᠤ ᠦ᠋ ᠶᠠᠩ ᠤᠨ ᠡᠷᠲᠡᠨ ᠤ ᠬᠤᠳᠠ ᠵᠡᠷᠭᠡ ᠦᠵᠡᠮᠵᠢ ᠶᠢᠨ | ᠣᠷᠣᠨ ᠳᠤ᠂ ᠵᠢᠭᠤᠯᠴᠢᠯᠠᠬᠤ ᠪᠠᠷ ᠢᠷᠡᠭᠰᠡᠨ ᠵᠤᠭᠠᠴᠠᠭᠰᠠᠳ ᠡᠳᠦᠷ ᠢᠷᠡᠬᠦᠶ᠎ᠡ ᠨᠡᠮᠡᠭᠳᠡᠵᠦ᠂ ᠤᠷᠬᠢᠯ ᠤᠨ | ᠬᠤᠭᠤᠴᠠᠭᠠᠨ ᠳᠤ ᠡᠳᠦᠷ ᠤᠨ ᠵᠤᠭᠠᠴᠠᠭᠰᠠᠳ ᠤᠨ ᠬᠡᠮᠵᠢᠶ᠎ᠡ 10 ᠲᠦᠮᠡᠨ ᠬᠥᠮᠦᠨ ᠤᠳᠠᠭ᠎ᠠ ᠶᠢ ᠳᠠᠪᠠᠵᠠᠢ᠃ | ᠡᠳᠦᠭᠡ᠂ ᠵᠦᠸᠧᠽᠢ ᠰᠢᠶᠠᠨ ᠬᠥᠮᠦᠨ ᠳᠤ ᠪᠠᠶᠢᠬᠤ ᠦᠭᠡᠢ᠂ ᠬᠥᠮᠦᠨ ᠳᠤ ᠪᠢ ᠰᠢᠯᠢᠳᠡᠭ ︽ᠰᠡᠷᠢᠭᠦᠨ | ᠵᠢᠭᠤᠯᠴᠢᠯᠠᠯ︾ ᠤᠨ ᠣᠶᠢᠯᠠᠭᠠᠭᠳᠠᠬᠤᠨ ᠲᠠᠢ ᠪᠠᠶᠢᠵᠤ᠂ ᠰᠣᠶᠣᠯ ᠵᠢᠭᠤᠯᠴᠢᠯᠠᠯ ᠤᠨ ᠦᠢᠯᠡᠰ ᠢ ᠪᠦᠬᠦ | ᠬᠦᠴᠦᠨ ᠢᠶᠠᠷ ᠢᠶᠠᠨ ᠠᠬᠢᠭᠤᠯᠵᠤ ᠪᠠᠶᠢᠨ᠎ᠠ᠃ ᠯᠢᠨ ᠬᠤᠤ ᠡᠷᠲᠡᠨ ᠤ ᠴᠠᠶᠢᠵᠠ ᠵᠢᠭᠤᠯᠴᠢᠯᠠᠯ ᠤᠨ ᠦᠵᠡᠮᠵᠢ ᠶᠢᠨ | ᠣᠷᠣᠨ ᠤ ᠬᠡᠷᠡᠭ ᠮᠡᠳᠡᠭᠴᠢᠳ ᠤᠨ ᠳᠠᠷᠤᠭ᠎ᠠ ᠵᠣᠣ ᠴᠠᠩ ᠴᠢᠩ ᠬᠡᠯᠡᠭᠰᠡᠨ ᠨᠢ᠄ ︽ᠭᠤᠸᠠᠩᠰᠢ ᠶᠢᠨ ᠬᠦᠶ ᠯᠢᠨ | ᠠᠭᠤᠯᠠ ᠤᠰᠤᠨ ᠤ ᠬᠥᠬᠡ ᠳᠡᠯᠡᠬᠡᠶ ᠳ᠋ᠠᠬᠢᠨ ᠳᠤ ᠪᠠᠶᠢᠨ᠎ᠠ᠂ ᠮᠠᠨ ᠤ ᠵᠦᠸᠧᠽᠢ ᠰᠢᠶᠠᠨ ᠳᠤ ︿ᠰᠡᠷᠢᠭᠦᠨ ᠵᠢᠭᠤᠯᠴᠢᠯᠠᠯ | ﹀ ᠲᠠᠢ ᠳᠡᠯᠡᠬᠡᠶ ᠳ᠋ᠠᠬᠢᠨ ᠳᠤ ᠲᠣᠭᠠᠴᠠᠭᠳᠠᠨ᠎ᠠ᠃ ᠲᠠᠷᠠᠭᠠᠴᠢ ᠶᠢᠨ ᠠᠯᠬᠤᠮ ᠳᠤ᠂ ᠮᠠᠨ ᠤ ᠦᠵᠡᠮᠵᠢ ᠶᠢᠨ ᠣᠷᠣᠨ | ᠰᠡᠷᠢᠭᠦᠨ ᠢᠳᠡᠭᠡᠨ᠂ ᠰᠡᠷᠢᠭᠦᠨ ᠳᠤᠭᠤᠢ ᠲᠡᠷᠭᠡ᠂ ᠰᠡᠷᠢᠭᠦᠨ ᠠᠰᠠᠷ᠂ ᠰᠡᠷᠢᠭᠦᠨ ᠢᠳᠡᠭᠡᠨ ᠵᠡᠷᠭᠡ ᠲᠠᠯ᠎ᠠ ᠪᠠᠷ ᠴᠢᠨᠠᠷ | ᠰᠠᠶᠢᠲᠠᠶ ᠦᠢᠯᠡᠴᠢᠯᠡᠭᠡ ᠶᠢ ᠰᠠᠶᠢᠲᠤᠷ ᠬᠢᠵᠦ᠂ ᠵᠢᠯ ᠪᠦᠷᠢ ᠰᠡᠷᠢᠭᠦᠨ ᠰᠢᠵᠢᠷ ᠠᠯᠲᠠᠨ ᠤᠯᠠᠷᠢᠯ ᠢ ᠵᠠᠪᠳᠤᠨ᠂ | ᠰᠡᠷᠢᠭᠦᠨ ᠵᠢᠭᠤᠯᠴᠢᠯᠠᠯ ᠤᠨ ︿ᠲᠣᠮᠣ ᠪᠣᠭᠤᠷᠰᠤᠭ﹀ ᠢᠶᠠᠨ ᠪᠤᠵᠠᠭᠠᠶᠢᠷᠠᠭᠤᠯᠤᠨ ᠬᠦᠴᠦᠷᠬᠡᠭᠵᠢᠭᠦᠯᠵᠦ᠂ ᠰᠣᠶᠣᠯ | ᠵᠢᠭᠤᠯᠴᠢᠯᠠᠯ ᠤᠨ ᠠᠵᠤ ᠦᠢᠯᠡᠰ ᠢ ᠨᠠᠩ ᠬᠤᠯᠠ ᠨᠠᠩ ᠬᠡᠷᠡᠯ ᠰᠠᠴᠤᠷᠠᠩᠭᠤᠶ ᠵᠠᠮ ᠪᠣᠯᠭᠠᠬᠤ ᠬᠡᠷᠡᠭᠲᠡᠶ︾ ᠬᠡᠵᠡᠢ᠃ | ᠨᠠᠶᠢᠷᠠᠭᠤᠯᠤᠭᠴᠢ ᠤᠷᠴᠢᠭᠤᠯᠤᠭᠴᠢ ᠪᠠᠶᠠᠨᠪᠠᠲᠦ | |