ᠬᠠᠯᠠᠭᠤᠨ ᠤᠰᠤ ᠪᠠᠷ ᠬᠥᠯ ᠢᠶᠠᠨ ᠳᠡᠪᠲᠦᠭᠡᠨ ᠤᠬᠢᠶᠠᠪᠠᠯ ᠰᠠᠶᠢᠬᠠᠨ ᠤᠨᠲᠠᠵᠤ ᠴᠢᠳᠠᠨ᠎ᠠ᠂ ᠡᠷᠡᠭᠦᠯ ᠴᠢᠭᠢᠷᠠᠭ | ᠬᠥᠮᠥᠰ ᠲᠤ ᠠᠪᠴᠤ ᠬᠡᠯᠡᠪᠡᠯ ᠬᠥᠯ ᠢᠶᠠᠨ ᠳᠡᠪᠲᠦᠭᠡᠨ ᠤᠬᠢᠶᠠᠬᠤ ᠨᠢ ᠦᠨᠡᠬᠡᠷ ᠤᠨᠲᠠᠬᠤ ᠶᠢ ᠲᠤᠰᠠᠯᠠᠳᠠᠭ᠃ ᠭᠡᠪᠡᠴᠦ᠂ | ᠨᠣᠶᠢᠷ ᠬᠤᠯᠵᠢᠳᠠᠭ ᠬᠥᠮᠥᠰ ᠲᠤ ᠠᠪᠴᠤ ᠬᠡᠯᠡᠪᠡᠯ ᠬᠥᠯ ᠢᠶᠠᠨ ᠳᠡᠪᠲᠦᠭᠡᠨ ᠤᠬᠢᠶᠠᠬᠤ ᠨᠢ ᠨᠢᠭᠡ ᠯᠡ ᠳᠡᠭᠡᠷ᠎ᠡ | ᠰᠠᠶᠢᠬᠠᠨ ᠤᠨᠲᠠᠭᠤᠯᠬᠤ ᠶᠢ ᠲᠤᠰᠠᠯᠠᠬᠤ ᠰᠠᠶᠢᠨ ᠠᠷᠭ᠎ᠠ ᠪᠢᠰᠢ᠃ ᠨᠣᠶᠢᠷ ᠬᠤᠯᠵᠢᠬᠤ ᠨᠢ ᠮᠠᠰᠢ ᠣᠯᠠᠨ | ᠡᠯᠧᠮᠧᠨ᠋ᠲ ᠠᠴᠠ ᠪᠣᠯᠤᠭᠰᠠᠨ ᠶᠤᠮ᠃ ᠬᠥᠯ ᠢᠶᠠᠨ ᠳᠡᠪᠲᠦᠭᠡᠨ ᠤᠬᠢᠶᠠᠬᠤ ᠳᠤ ᠶᠠᠭᠤ ᠶᠠᠭᠤ ᠶᠢ ᠠᠩᠬᠠᠷᠬᠤ | ᠴᠢᠬᠤᠯᠠᠲᠠᠢ ᠪᠤᠢ | 1.ᠬᠠᠯᠠᠭᠤᠨ ᠤᠰᠤᠨ ᠤ ᠬᠠᠯᠠᠭᠤᠨ ᠤ ᠬᠡᠮᠵᠢᠶ᠎ᠡ ᠶᠢ ᠠᠩᠬᠠᠷᠬᠤ ᠬᠡᠷᠡᠭᠲᠡᠢ | 2.ᠬᠥᠯ ᠢᠶᠠᠨ ᠤᠰᠤᠨ ᠳᠤ ᠳᠡᠪᠲᠦᠭᠡᠨ ᠤᠬᠢᠶᠠᠬᠤ ᠨᠢ ᠬᠥᠮᠥᠨ ᠪᠣᠯᠭᠠᠨ ᠳᠤ ᠲᠣᠬᠢᠷᠠᠳᠠᠭ ᠪᠢᠰᠢ | 3.ᠨᠠᠮᠵᠢᠭᠤᠨ ᠰᠤᠳᠠᠯ ᠭᠦᠷᠪᠡᠶᠢᠭᠰᠡᠨ ᠪᠤᠶᠤ ᠯᠤᠭᠰᠢᠭᠤᠨ ᠰᠤᠳᠠᠯ ᠪᠥᠭᠯᠡᠷᠡᠭᠰᠡᠨ ᠡᠪᠡᠳᠴᠢᠲᠡᠨ ᠬᠠᠯᠠᠭᠤᠨ | ᠤᠰᠤ ᠪᠠᠷ ᠬᠥᠯ ᠢᠶᠠᠨ ᠳᠡᠪᠲᠦᠭᠡᠨ ᠤᠬᠢᠶᠠᠪᠠᠯ ᠴᠢᠰᠤᠨ ᠤ ᠭᠦᠶᠦᠯᠲᠡ ᠶᠢᠨ ᠬᠡᠮᠵᠢᠶ᠎ᠡ ᠶᠢ ᠨᠡᠮᠡᠭᠳᠡᠭᠦᠯᠵᠦ᠂ | ᠳᠠᠷᠤᠭᠠᠰᠤ ᠶᠢ ᠨᠠᠩ ᠬᠦᠨᠳᠦᠷᠡᠭᠦᠯᠬᠦ ᠪᠣᠯᠣᠨ᠎ᠠ | 4.ᠰᠢᠬᠢᠷ ᠰᠢᠵᠢᠩ ᠡᠪᠡᠳᠴᠢᠨ ᠣᠯᠣᠭᠰᠠᠨ ᠡᠪᠡᠳᠴᠢᠲᠡᠨ ᠳᠤ ᠲᠤᠰᠠ ᠪᠣᠯᠬᠤ ᠦᠭᠡᠢ ᠶᠤᠮ | 5. ᠬᠥᠯ ᠤᠨ ᠢᠯᠢᠳᠦ ᠡᠪᠡᠳᠴᠢᠨ ᠣᠯᠣᠭᠰᠠᠨ ᠡᠪᠡᠳᠴᠢᠲᠡᠨ᠂ ᠪᠠᠰᠠ ᠬᠥᠯ ᠤᠨ ᠪᠠᠮ ᠭᠡᠳᠡᠭ᠂ ᠡᠶᠢᠮᠦᠷᠬᠦ | ᠡᠪᠡᠳᠴᠢᠲᠡᠨ ᠳᠤ ᠲᠤᠰᠠ ᠪᠣᠯᠬᠤ ᠦᠭᠡᠢ ᠶᠤᠮ | ᠢᠷᠡᠯᠲᠡ᠄ ᠠᠷᠠᠳ ᠤᠨ ᠰᠦᠯᠵᠢᠶ᠎ᠡ |