ᠥᠨᠳᠡᠭᠡ ᠰᠣᠩᠭᠤᠬᠤ ᠳᠦᠬᠦᠮ ᠠᠷᠭ᠎ᠠ
ᠨᠡᠶᠢᠲᠡᠯᠡᠭᠰᠡᠨ ᠴᠠᠭ᠄
2022/9/23
   ᠥᠨᠳᠡᠭᠡ ᠰᠣᠩᠭᠤᠬᠤ ᠳᠦᠬᠦᠮ ᠠᠷᠭ᠎ᠠ ᠲᠡᠮᠲᠡᠷᠢᠬᠦ᠄ ᠰᠢᠨ᠎ᠡ ᠥᠨᠳᠡᠭᠡᠨ ᠤ ᠬᠠᠯᠢᠰᠤᠨ ᠳᠤ ᠨᠢᠭᠡ ᠳᠠᠪᠬᠤᠷ ᠴᠠᠭᠠᠨ ᠨᠤᠨᠳᠠᠭ ᠨᠠᠭᠠᠯᠳᠤᠵᠤ ᠪᠠᠶᠢᠳᠠᠭ ᠪᠥᠭᠡᠳ ᠲᠡᠮᠲᠡᠷᠢᠬᠦ ᠳᠤ ᠭᠠᠷ ᠲᠤ ᠨᠠᠭᠠᠯᠳᠤᠬᠤ ᠦᠭᠡᠢ᠂ ᠥᠨᠳᠡᠭᠡᠨ ᠬᠠᠯᠢᠰᠤ ᠶᠢ ᠦᠵᠡᠬᠦ ᠳᠤ ᠥᠩᠭᠡ ᠨᠢ ᠬᠡᠬᠡᠨ ᠪᠠᠶᠢᠳᠠᠭ᠃ ᠡᠪᠳᠡᠷᠡᠭᠰᠡᠨ ᠥᠨᠳᠡᠭᠡ ᠶᠢ ᠪᠠᠷᠢᠪᠠᠯ ᠭᠠᠷ ᠲᠤ ᠨᠠᠭᠠᠯᠳᠤᠭᠠᠳ ᠬᠦᠨᠳᠦ ᠰᠢᠭ ᠰᠠᠨᠠᠭᠳᠠᠬᠤ ᠪᠥᠭᠡᠳ ᠥᠨᠳᠡᠭᠡᠨ ᠬᠠᠯᠢᠰᠤᠨ ᠤ ᠥᠩᠭᠡ ᠨᠢ ᠴᠤ ᠬᠡᠪ ᠤᠨ ᠪᠤᠰᠤ ᠬᠠᠷᠠᠭᠳᠠᠨ ᠬᠠᠷ᠎ᠠ ᠳᠤᠰᠤᠯ ᠢᠯᠡᠷᠡᠭᠰᠡᠨ ᠪᠠᠶᠢᠳᠠᠭ᠃ ᠦᠵᠡᠬᠦ᠄ ᠥᠨᠳᠡᠭᠡ ᠪᠠᠨ ᠨᠠᠷᠠᠨ ᠤ ᠥᠭᠡᠳᠡ ᠪᠤᠶᠤ ᠳ᠋ᠧᠩ ᠤᠨ ᠬᠡᠷᠡᠯ ᠳᠤ ᠪᠠᠷᠢᠵᠤ ᠦᠵᠡᠬᠦ ᠳᠤ ᠰᠢᠨ᠎ᠡ ᠥᠨᠳᠡᠭᠡ ᠨᠢ ᠤᠯᠠᠭᠠᠪᠲᠤᠷ ᠥᠩᠭᠡ ᠲᠠᠢ ᠪᠠᠶᠢᠵᠤ᠂ ᠳᠣᠲᠣᠷᠠᠬᠢ ᠥᠨᠳᠡᠭᠡᠨ ᠰᠢᠷ᠎ᠠ ᠶᠢᠨ ᠬᠡᠯᠪᠡᠷᠢ ᠨᠢ ᠲᠣᠳᠣ ᠬᠠᠷᠠᠭᠳᠠᠳᠠᠭ᠃ ᠡᠪᠳᠡᠷᠡᠭᠰᠡᠨ ᠥᠨᠳᠡᠭᠡ ᠨᠢ ᠬᠠᠷᠢᠨ ᠥᠩᠭᠡ ᠨᠢ ᠪᠦᠳᠡᠭᠢ ᠪᠤᠶᠤ ᠬᠠᠷ᠎ᠠ ᠲᠣᠯᠪᠤ ᠲᠠᠢ ᠪᠠᠶᠢᠳᠠᠭ᠂ ᠡᠶᠢᠮᠦ ᠥᠨᠳᠡᠭᠡᠨ ᠤ ᠴᠢᠨᠠᠷ ᠨᠢ ᠬᠤᠪᠢᠷᠠᠭᠰᠠᠨ ᠲᠤᠯᠠ ᠢᠳᠡᠵᠦ ᠪᠤᠯᠬᠤ ᠦᠭᠡᠢ᠃ ᠰᠡᠭᠰᠤᠷᠬᠦ᠄ ᠥᠨᠳᠡᠭᠡ ᠶᠢ ᠬᠥᠩᠭᠡᠬᠡᠨ ᠰᠡᠭᠰᠦᠷᠬᠦ ᠳᠤ ᠳᠠᠭᠤ ᠦᠭᠡᠢ ᠪᠠᠶᠢᠪᠠᠯ ᠡᠨᠡ ᠬᠦ ᠥᠨᠳᠡᠭᠡᠨ ᠤ ᠰᠢᠷ᠎ᠠ ᠨᠢ ᠪᠦᠲᠦᠨ ᠪᠠᠶᠢᠵᠤ᠂ ᠰᠢᠨ᠎ᠡ ᠥᠨᠳᠡᠭᠡ ᠭᠡᠰᠡᠨ ᠢ ᠪᠠᠲᠤᠯᠠᠵᠤ ᠪᠣᠯᠣᠨ᠎ᠠ᠃ ᠬᠡᠷᠪᠡ ᠰᠡᠭᠰᠤᠷᠬᠦ ᠦᠶ᠎ᠡ ᠳᠤ ᠳᠠᠭᠤ ᠭᠠᠷᠴᠤ ᠪᠠᠶᠢᠪᠠᠯ ᠬᠠᠭᠤᠴᠢᠨ ᠥᠨᠳᠡᠭᠡ ᠭᠡᠰᠡᠨ ᠢ ᠬᠠᠷᠠᠭᠤᠯᠵᠤ ᠪᠤᠢ᠃ ᠡᠶᠢᠮᠦ ᠥᠨᠳᠡᠭᠡ ᠨᠢᠭᠡᠨᠲᠡ ᠡᠪᠳᠡᠷᠡᠭᠡᠳ ᠥᠨᠳᠡᠭᠡᠨ ᠰᠢᠷ᠎ᠠ ᠨᠢ ᠪᠤᠳᠠᠷᠠᠭᠰᠠᠨ ᠲᠤᠯᠠ ᠰᠡᠭᠰᠤᠷᠬᠦ ᠦᠶ᠎ᠡ ᠳᠤ ᠳᠠᠭᠤ ᠭᠠᠷᠳᠠᠭ᠃
 
ᠢᠷᠡᠯᠲᠡ᠄ ᠵᠦᠸᠧᠽᠢ ᠰᠢᠶᠡᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13000402号-2