ᠴᠣᠬᠤᠮ ᠳᠠᠭᠠᠨ ᠴᠤᠬ ᠵᠢᠪᠬᠤᠭ᠎ᠠ ᠲᠠᠢ ᠴᠤᠬ ᠵᠢᠪᠬᠤᠭ᠎ᠠ ᠲᠠᠢ ᠴᠤᠬ ᠵᠢᠪᠬᠤᠭ᠎ᠠ ᠲᠠᠢ ᠴᠤᠬ ᠵᠢᠪᠬᠤᠭ᠎ᠠ ᠲᠠᠢ ᠴᠤᠬ | ᠵᠢᠪᠬᠤᠭ᠎ᠠ ᠲᠠᠢ ᠴᠤᠬ ᠵᠢᠪᠬᠤᠭ᠎ᠠ ᠲᠠᠢ ᠴᠤᠬ ᠵᠢᠪᠬᠤᠭ᠎ᠠ ᠲᠠᠢ ᠴᠤᠬ | | ᠲᠣᠰᠬᠤᠨ ᠤ ᠬᠥᠮᠥᠰ ᠤᠨ ᠨᠤᠲᠤᠭ ᠤᠨ ᠮᠥᠷᠥᠭᠡᠳᠦᠯ ᠳᠤ᠂ ᠥᠪᠡᠷ ᠤᠨ ᠲᠠᠷᠢᠬᠢᠨ ᠳᠠᠭᠠᠨ ᠵᠢᠯ ᠤᠨ ᠭᠠᠭ᠋ᠠᠢ | ᠠᠯᠠᠬᠤ ᠦᠵᠡᠭᠳᠡᠯ ᠪᠠᠶᠢᠳᠠᠭ᠃ᠣᠳᠣ ᠶᠠᠭ ᠡᠪᠦᠯ ᠤᠨ ᠰᠠᠷ᠎ᠠ ᠪᠣᠯᠵᠤ᠂ ᠬᠥᠳᠡᠭᠡ ᠲᠣᠰᠬᠤᠨ ᠤ ᠵᠢᠯ ᠳᠤ ᠨᠢᠭᠡ | ᠤᠳᠠᠭ᠎ᠠ ᠭᠠᠭ᠋ᠠᠢ ᠠᠯᠠᠵᠤ ᠬᠤᠨᠢ ᠨᠢᠲᠤᠯᠬᠤ ᠡᠳᠦᠷ ᠪᠣᠯᠵᠤ ᠪᠠᠶᠢᠨ᠎ᠠ᠃ᠵᠢᠯ ᠤᠨ ᠭᠠᠭ᠋ᠠᠢ ᠠᠯᠠᠬᠤ ᠪᠣᠯ | ᠲᠠᠷᠢᠶᠠᠴᠢᠳ ᠤᠨ ᠰᠢᠨᠡᠯᠡᠬᠦ ᠪᠠᠷ ᠪᠡᠯᠡᠳᠬᠡᠬᠦ ᠳᠤ ᠲᠤᠲᠠᠭᠳᠠᠵᠤ ᠪᠣᠯᠣᠰᠢ ᠦᠭᠡᠢ ︽ᠶᠣᠰᠣᠯᠠᠯ︾ ᠮᠥᠨ᠃ᠭᠠᠭ᠋ᠠᠢ | ᠠᠯᠠᠬᠤ ᠨᠣᠭᠤᠭ᠎ᠠ ᠨᠢ ᠵᠥᠪᠬᠡᠨ ᠡᠩ ᠤᠨ ᠵᠠᠭᠤᠰᠢ ᠲᠡᠳᠦᠢ ᠪᠢᠰᠢ᠂ ᠪᠠᠰᠠ ᠴᠤ ᠨᠤᠲᠤᠭ ᠤᠨ ᠰᠣᠶᠣᠯ ᠤᠨ ᠷᠢᠳᠢ | ᠰᠢᠳᠢ ᠶᠢ ᠢᠯᠡᠷᠡᠭᠦᠯᠬᠦ ᠨᠢᠭᠡ ᠵᠦᠢᠯ ᠤᠨ ᠶᠡᠭᠡ ᠬᠤᠭᠤᠯᠠ ᠪᠣᠯᠬᠤ ᠶᠤᠮ᠃ | | ᠵᠢᠯ ᠤᠨ ᠭᠠᠭ᠋ᠠᠢ ᠠᠯᠠᠬᠤ ᠪᠣᠯ ᠲᠣᠰᠬᠤᠨ ᠤ ᠬᠥᠮᠥᠰ ᠤᠨ ᠨᠢᠭᠡ ᠶᠡᠭᠡ ᠶᠠᠪᠤᠳᠠᠯ ᠮᠥᠨ᠂ ᠨᠢᠭᠡ ᠡᠷᠤᠭᠡ ᠪᠠᠷ ᠢᠶᠠᠨ | ᠭᠠᠭ᠋ᠠᠢ ᠠᠯᠠᠬᠤ ᠳᠤ ᠪᠦᠬᠦ ᠲᠣᠰᠬᠤᠨ ᠢᠶᠠᠷ ᠢᠶᠠᠨ ᠴᠥᠮ ᠬᠦᠷᠦᠯᠴᠡᠨ ᠢᠷᠡᠵᠦ ᠬᠠᠪᠰᠤᠷᠤᠨ᠎ᠠ᠂ ᠡᠨᠡ ᠬᠦ ᠬᠦᠷ | ᠬᠥᠭᠵᠢᠶᠡᠨ ᠲᠠᠢ ᠪᠠᠶᠢᠳᠠᠯ ᠨᠢ ᠴᠥᠮ ᠰᠢᠨᠡᠯᠡᠴᠢᠭᠰᠡᠨ ᠪᠠᠶᠢᠨ᠎ᠠ᠃ᠡᠯᠪᠡᠭ ᠪᠠᠶᠠᠯᠢᠭ ᠲᠤᠷᠰᠢᠯᠭ᠎ᠠ ᠲᠠᠢ ᠨᠤᠲᠤᠭ ᠤᠨ | ᠠᠬ᠎ᠠ ᠳᠡᠭᠦᠦ ᠨᠠᠷ ᠨᠢᠭᠡ ᠨᠢᠭᠡ ᠪᠠᠷ ᠢᠶᠠᠨ ᠨᠢᠳᠤᠷᠭ᠎ᠠ ᠪᠠᠨ ᠵᠠᠩᠭᠢᠳᠤᠨ ᠨᠢᠳᠤᠷᠭ᠎ᠠ ᠪᠠᠨ ᠵᠠᠩᠭᠢᠳᠤᠨ ᠬᠠᠰᠢᠵᠤ᠂ | ᠠᠯᠠᠵᠤ᠂ ᠲᠠᠲᠠᠵᠤ᠂ ᠤᠨᠠᠭᠠᠵᠤ ᠬᠠᠶᠠᠵᠤ᠂ ᠮᠠᠯᠲᠠᠵᠤ᠂ ᠪᠠᠭᠤᠯᠭᠠᠵᠤ᠂ ᠴᠠᠪᠴᠢᠭᠠᠳ ᠨᠢᠭᠡ ᠯᠡ ᠠᠮᠢᠰᠬᠤᠭ᠎ᠠ ᠪᠠᠷ ᠬᠢᠳᠡᠭ᠃ | ᠲᠣᠭᠤᠭᠠᠨ ᠭᠡᠷ ᠲᠤ ᠪᠠᠰᠠ ᠲᠥᠮᠥᠰᠥ ᠶᠢ ᠵᠣᠷᠭᠤᠬᠤ᠂ ᠭᠠᠭ᠋ᠠᠢ ᠶᠢᠨ ᠮᠢᠬ᠎ᠠ ᠴᠢᠨᠠᠬᠤ᠂ ᠪᠣᠣᠪᠤ ᠲᠠᠢ ᠭᠤᠯᠢᠷ ᠵᠢᠭᠤᠷᠠᠬᠤ᠂ | ᠠᠯᠲᠠᠨ ᠰᠢᠷᠭᠠᠯ ᠲᠤᠲᠤᠷᠭᠠᠨ ᠭᠤᠯᠢᠷ ᠢ ᠠᠭᠤᠷ ᠪᠠᠭᠠᠭᠢᠭᠰᠠᠨ ᠵᠢᠩᠨᠡᠭᠦᠷ ᠤᠷᠤᠭᠤ ᠰᠠᠴᠤᠬᠤ ᠪᠠᠷ ᠶᠠᠭᠠᠷᠠᠯᠳᠤᠵᠤ | ᠪᠠᠶᠢᠯ᠎ᠠ ᠁ ᠲᠣᠰᠬᠤᠨ ᠤ ᠠᠬ᠎ᠠ ᠳᠡᠭᠦᠦ ᠨᠠᠷ ᠡᠨᠡ ᠰᠢᠷᠡᠭᠡᠨ ᠤ ᠭᠠᠭ᠋ᠠᠢ ᠶᠢᠨ ᠮᠢᠬ᠎ᠠ ᠠᠯᠠᠬᠤ ᠳᠠᠶᠢᠯᠠᠯᠭ᠎ᠠ ᠶᠢ | ᠰᠡᠳᠬᠢᠯ ᠲᠠᠯᠪᠢᠨ ᠪᠡᠯᠡᠳᠬᠡᠵᠦ᠂ ᠤᠯᠠᠨ ᠢᠶᠠᠷ ᠢᠶᠠᠨ ᠬᠦᠷ ᠬᠥᠭᠵᠢᠶᠡᠨ ᠲᠠᠢ ᠬᠥᠭᠡᠷᠦᠯᠳᠦᠨ ᠬᠥᠭᠡᠷᠦᠯᠳᠦᠵᠦ᠂ ᠴᠢᠷᠠᠢ | ᠳᠤᠨᠢ ᠬᠤᠷᠢᠶᠠᠯᠲᠠ ᠶᠢᠨ ᠪᠠᠶᠠᠷ ᠪᠠᠭ᠋ᠠᠳᠤᠯ ᠢᠶᠠᠷ ᠪᠢᠯᠬᠠᠨ᠎ᠠ᠃ | | ᠲᠣᠰᠣᠨ ᠳᠤ ᠪᠤᠴᠠᠯᠭᠠᠭᠰᠠᠨ ᠪᠣᠣᠪᠤ ᠪᠣᠯ ᠮᠠᠨ ᠤ ᠬᠥᠳᠡᠭᠡ ᠶᠢᠨ ᠬᠥᠮᠥᠰ ᠤᠨ ᠵᠣᠴᠢᠳ ᠢᠶᠠᠨ ᠳᠠᠶᠢᠯᠠᠬᠤ | ᠬᠠᠮᠤᠭ ᠤᠨ ᠰᠠᠢᠨ ᠵᠠᠭᠤᠰᠢ᠂ ᠵᠥᠭᠡᠯᠡᠨ ᠰᠢᠷ᠎ᠠ ᠲᠤᠲᠤᠷᠭᠠᠨ ᠭᠤᠯᠢᠷ ᠤᠨ ᠪᠣᠣᠪᠤ᠂ ᠨᠤᠲᠤᠭ ᠤᠨ ᠢᠶᠠᠨ ᠦᠨᠦᠷ | ᠬᠠᠩᠬᠤᠯᠤᠭᠰᠠᠨ ᠦᠨᠦᠷ ᠬᠠᠩᠬᠤᠯᠵᠤ ᠪᠠᠶᠢᠭ᠎ᠠ ᠶᠤᠮ ᠰᠢᠸ!︾ ᠭᠡᠵᠦ ᠪᠣᠳᠣᠭᠠᠳ᠂ ᠲᠣᠰᠣᠨ ᠳᠤ ᠪᠤᠴᠠᠯᠭᠠᠭᠰᠠᠨ | ᠪᠣᠣᠪᠤ ᠪᠣᠯ ᠮᠠᠨ ᠤ ᠬᠥᠳᠡᠭᠡ ᠶᠢᠨ ᠬᠥᠮᠥᠰ ᠤᠨ ᠵᠣᠴᠢᠳ ᠢᠶᠠᠨ ᠳᠠᠶᠢᠯᠠᠬᠤ ᠰᠠᠢᠬᠠᠨ ᠵᠠᠭᠤᠰᠢ᠂ ᠰᠢᠷ᠎ᠠ ᠥᠩᠭᠡ ᠲᠠᠢ | ᠰᠢᠷ᠎ᠠ ᠲᠤᠲᠤᠷᠭᠠᠨ ᠭᠤᠯᠢᠷ ᠤᠨ ᠪᠣᠣᠪᠤ ᠶᠤᠮ᠃ | | ᠨᠢᠭᠡ ᠨᠢᠭᠡ ᠪᠠᠷ ᠴᠢᠮᠬᠢᠭᠰᠡᠨ ᠬᠠᠷᠠᠰᠣ ᠲᠣᠰᠣ ᠲᠠᠢ ᠪᠣᠣᠪᠤ ᠶᠢ ᠲᠣᠰᠣᠨ ᠤ ᠲᠣᠭᠤᠭᠠᠨ ᠳᠤ ᠬᠢᠵᠦ᠂ ᠠᠩᠬᠢᠯᠤᠮ᠎ᠠ | ᠦᠨᠦᠷ ᠨᠢ ᠠᠭᠱᠠᠨ ᠵᠠᠭᠤᠷ᠎ᠠ ᠬᠠᠩᠬᠤᠯᠤᠨ᠎ᠠ᠃ᠠᠯᠲᠠᠨ ᠰᠢᠷᠭᠠᠯ ᠥᠩᠭᠡ ᠲᠠᠢ ᠲᠣᠰᠣᠨ ᠳᠤ ᠪᠤᠴᠠᠯᠭᠠᠭᠰᠠᠨ ᠪᠣᠣᠪᠤ | ᠨᠢ ᠬᠡᠦᠷᠡᠭ ᠵᠥᠭᠡᠯᠡᠨ᠂ ᠠᠮᠠ ᠳᠦᠭᠦᠷᠡᠩ ᠠᠩᠬᠢᠯᠤᠮ᠎ᠠ ᠦᠨᠦᠷ ᠲᠠᠢ᠃ | | | ᠣᠨ ᠰᠠᠷ᠎ᠠ ᠡᠭᠡᠯᠵᠢᠯᠡᠵᠦ᠂ ᠵᠢᠯ ᠤᠨ ᠭᠠᠭ᠋ᠠᠢ ᠠᠯᠠᠬᠤ ᠳᠤ ᠨᠤᠲᠤᠭ ᠢᠶᠠᠨ ᠰᠠᠨᠠᠬᠤ᠂ ᠬᠠᠭᠤᠴᠢᠨ ᠢᠶᠠᠨ ᠳᠤᠷᠠᠰᠬᠤ | ᠂ ᠴᠤᠭᠯᠠᠷᠠᠬᠤ ᠵᠡᠷᠭᠡ ᠬᠠᠶᠢᠷ᠎ᠠ ᠰᠡᠳᠬᠢᠯᠭᠡ ᠲᠠᠢ ᠠᠭᠤᠰᠤᠯᠴᠠᠵᠤ᠂ ᠲᠣᠰᠬᠤᠨ ᠤ ᠠᠷᠠᠳ ᠤᠨ ᠰᠡᠳᠬᠢᠯ ᠳᠤ | ᠮᠠᠷᠲᠠᠭᠳᠠᠰᠢ ᠦᠭᠡᠢ ᠳᠤᠷᠠᠳᠬᠠᠯ ᠪᠣᠯᠵᠤ᠂ ᠭᠠᠭ᠋ᠠᠢ ᠠᠯᠠᠬᠤ ᠳᠠᠶᠢᠯᠠᠯᠭ᠎ᠠ ᠳᠤ ᠪᠠᠶᠠᠷ ᠬᠦᠷ ᠢᠶᠠᠷ ᠪᠢᠯᠬᠠᠨ᠎ᠠ᠃ | | ᠬᠥᠳᠡᠭᠡ ᠶᠢᠨ ᠬᠥᠮᠥᠰ ᠤᠨ ᠬᠠᠶᠢᠷ᠎ᠠ ᠰᠡᠳᠬᠢᠯᠭᠡ ᠪᠣᠷᠣᠭᠵᠢᠭᠤᠨ ᠪᠠᠶᠢᠳᠠᠭ᠂ ᠵᠢᠯ ᠪᠦᠷᠢ ᠶᠢᠨ ᠭᠠᠭ᠋ᠠᠢ ᠠᠯᠠᠭᠰᠠᠨ ᠤ | ᠳᠠᠷᠠᠭᠠᠬᠢ ᠬᠠᠮᠤᠭ ᠤᠨ ᠲᠦᠷᠦᠭᠦᠨ ᠳᠤ ᠠᠶᠢᠯ ᠰᠠᠭᠠᠬᠠᠯᠲᠠ ᠪᠠᠨ ᠳᠠᠶᠢᠯᠠᠬᠤ ᠶᠠᠪᠤᠳᠠᠯ ᠪᠣᠯᠣᠨ᠎ᠠ᠃ᠲᠠᠷᠢᠶᠠᠴᠢᠨ | ᠠᠢᠯ ᠤᠨ ᠲᠠᠩᠰᠤᠭ ᠰᠠᠢᠬᠠᠨ ᠨᠣᠭᠤᠭ᠎ᠠ ᠶᠢ ᠰᠢᠷᠡᠭᠡ ᠳᠦᠭᠦᠷᠡᠩ ᠦᠷᠦᠵᠦ᠂ ᠲᠠᠷᠢᠶᠠᠴᠢᠨ ᠠᠷᠠᠳ ᠤᠨ ᠣᠮᠤᠭ | ᠵᠣᠷᠢᠭ᠂ ᠬᠠᠯᠠᠭᠤᠨ ᠰᠡᠳᠬᠢᠯ ᠨᠢ ᠴᠦ ᠡᠨᠡᠬᠦ ᠭᠠᠭ᠋ᠠᠢ ᠠᠯᠠᠬᠤ ᠳᠠᠢᠯᠠᠯᠭ᠎ᠠ ᠳᠤ ᠳᠦᠭᠦᠷᠲᠡᠯ᠎ᠡ ᠲᠠᠯᠪᠢᠭᠠᠰᠤᠲᠠᠢ ᠪᠠᠢᠯ᠎ᠠ᠃ | ᠡᠭᠦᠨ ᠳᠤ ᠲᠠᠷᠢᠶᠠᠴᠢᠨ ᠠᠷᠠᠳ ᠤᠨ ᠣᠮᠤᠭ ᠵᠣᠷᠢᠭ᠂ ᠬᠠᠯᠠᠭᠤᠨ ᠰᠡᠳᠬᠢᠯ ᠨᠢ ᠴᠦ ᠴᠥᠮ ᠡᠨᠡᠬᠦ ᠭᠠᠭ᠋ᠠᠢ ᠠᠯᠠᠬᠤ | ᠳᠠᠢᠯᠠᠯᠭ᠎ᠠ ᠳᠤ ᠣᠷᠣᠰᠢᠨ᠎ᠠ᠃ᠡᠨᠡᠬᠦ ᠨᠤᠲᠤᠭ ᠤᠨ ᠬᠠᠶᠢᠷ᠎ᠠ ᠰᠡᠳᠬᠢᠯᠭᠡ ᠪᠣᠯ ᠬᠤᠳᠠ ᠳᠤ ᠠᠮᠢᠳᠤᠷᠠᠵᠤ ᠪᠠᠶᠢᠭ᠎ᠠ | ᠬᠥᠮᠥᠰ ᠤᠨ ᠰᠡᠷᠡᠵᠦ ᠮᠡᠳᠡᠬᠦᠶ᠎ᠡ ᠪᠡᠷᠬᠡ ᠵᠣᠯ ᠵᠢᠷᠭᠠᠯ ᠤᠨ ᠰᠡᠳᠬᠢᠭᠳᠡᠯ ᠪᠣᠯᠣᠨ᠎ᠠ᠃ | | ᠳᠠᠶᠢᠯᠠᠯᠭ᠎ᠠ ᠶᠢᠨ ᠵᠠᠪᠰᠠᠷ ᠲᠤ ᠭᠡᠷ ᠤᠨ ᠠᠬᠠᠮᠠᠳ ᠤᠨ ᠳᠣᠲᠣᠷ᠎ᠠ ᠪᠠᠨ ᠪᠠᠭ᠎ᠠ᠂ ᠬᠤᠨᠳᠠᠭ᠎ᠠ ᠡᠷᠭᠦᠨ ᠬᠤᠨᠳᠠᠭ᠎ᠠ | ᠰᠣᠯᠢᠵᠤ᠂ ᠡᠨᠡ ᠵᠢᠯ ᠤᠨ ᠬᠤᠷᠢᠶᠠᠯᠲᠠ ᠪᠠᠨ ᠶᠠᠷᠢᠵᠤ᠂ ᠢᠷᠡᠬᠦ ᠵᠢᠯ ᠤᠨ ᠪᠤᠳᠤᠯ ᠢᠶᠠᠨ ᠵᠣᠭᠤᠭᠳᠠᠨ᠎ᠠ᠃ᠨᠢᠭᠡ ᠵᠢᠯ | ᠶᠠᠭᠠᠷᠠᠭᠠᠳ ᠬᠠᠮᠲᠤ ᠰᠠᠭᠤᠬᠤ ᠳᠤ ᠶᠡᠷᠦ ᠨᠢ ᠶᠠᠷᠢᠭᠠᠳ ᠪᠠᠷᠠᠰᠢ ᠦᠭᠡᠢ ᠶᠠᠷᠢᠶᠠᠨ ᠤ ᠰᠡᠳᠦᠪ ᠭᠠᠷᠳᠠᠭ᠃ᠭᠠᠭ᠋ᠠᠢ | ᠠᠯᠠᠬᠤ ᠨᠣᠭᠤᠭ᠎ᠠ ᠪᠣᠯ ᠨᠢᠭᠡ ᠵᠦᠢᠯ ᠤᠨ ᠦᠨᠦᠷ ᠠᠮᠲᠠ ᠶᠢᠨ ᠤᠯᠠᠮᠵᠢᠯᠠᠯ ᠮᠥᠨ᠂ ᠨᠠᠩ ᠴᠤ ᠲᠣᠰᠬᠤᠨ ᠤ | ᠠᠷᠠᠳ ᠤᠨ ᠰᠢᠨ᠎ᠡ ᠵᠢᠯ ᠤᠨ ᠬᠦᠰᠡᠯ ᠡᠷᠡᠮᠡᠯᠵᠡᠯ ᠪᠠ ᠰᠠᠶᠢᠨ ᠰᠠᠶᠢᠬᠠᠨ ᠠᠮᠢᠳᠤᠷᠠᠯ ᠤᠨ ᠬᠦᠰᠡᠯ ᠡᠷᠡᠮᠡᠯᠵᠡᠯ ᠮᠥᠨ᠃ | ᠵᠢᠷᠤᠭ ᠦᠰᠦᠭ᠄ᠯᠢ ᠹᠠᠩ ᠶᠠᠩ ᠬᠤᠩ | ᠤᠷᠴᠢᠭᠤᠯᠤᠭᠴᠢ: ᠪᠠᠶᠠᠨᠪᠠᠲᠤ | |