ᠵᠦᠸᠧᠽᠢ ᠰᠢᠶᠠᠨ ᠤ ᠬᠢᠨᠠᠨ ᠪᠣᠳᠣᠬᠤ ᠲᠣᠪᠴᠢᠶ᠎ᠠ ᠰᠢᠶᠡᠨ ᠤ ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ ᠤᠨ ᠲᠦᠰᠦᠪ ᠢ  ᠭᠦᠢᠴᠡᠳᠬᠡᠭᠰᠡᠨ ᠲᠤᠰᠬᠠᠶ ᠬᠢᠨᠠᠨ ᠪᠣᠳᠣᠯᠲᠠ ᠬᠢᠪᠡ
ᠨᠡᠶᠢᠲᠡᠯᠡᠭᠰᠡᠨ ᠴᠠᠭ᠄
2020-05-15
    ᠣᠶᠢᠷ᠎ᠠ ᠳᠤ᠂ ᠥᠪᠥᠷ ᠮᠣᠩᠭᠤᠯ ᠤᠨ ᠤᠯᠠᠭᠠᠨᠴᠠᠪ ᠬᠤᠲᠠ ᠶᠢᠨ ᠵᠦᠸᠧᠽᠢ ᠰᠢᠶᠠᠨ ᠤ ᠬᠢᠨᠠᠨ ᠪᠤᠳᠤᠬᠤ ᠲᠣᠪᠴᠢᠶ᠎ᠠ 2020 ᠣᠨ ᠤ ᠬᠢᠨᠠᠨ ᠪᠤᠳᠤᠬᠤ ᠲᠥᠷᠥᠯ  ᠵᠦᠢᠯ ᠤᠨ ᠲᠥᠯᠥᠪᠯᠡᠭᠡ ᠶᠢᠨ ᠲᠣᠬᠢᠷᠠᠭᠤᠯᠤᠯᠲᠠ ᠶᠢ ᠦᠨᠳᠦᠰᠦᠯᠡᠨ᠂ ᠵᠦᠸᠧᠽᠢ ᠰᠢᠶᠠᠨ ᠤ ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ ᠤᠨ 2019 ᠣᠨ ᠤ ᠲᠥᠰᠦᠪ ᠢ ᠭᠦᠢᠴᠡᠳᠬᠡᠭᠰᠡᠨ ᠪᠠᠶᠢᠳᠠᠯ ᠳᠤ  ᠲᠤᠬᠠᠢ ᠶᠢᠨ ᠭᠠᠵᠠᠷ ᠲᠤᠨᠢ ᠬᠢᠨᠠᠨ ᠪᠤᠳᠤᠯᠲᠠ ᠬᠢᠪᠠ᠃    ᠲᠣᠰ ᠤᠳᠠᠭᠠᠨ ᠤ ᠬᠢᠨᠠᠨ ᠪᠤᠳᠤᠯᠲᠠ ᠳᠤ ᠪᠢᠳᠡ ᠲᠣᠰ ᠨᠢᠭᠡᠴᠡ ᠶᠢᠨ 2019 ᠣᠨ ᠤ ᠲᠥᠰᠦᠪ ᠤᠨ ᠬᠢᠨᠠᠨ ᠪᠤᠳᠤᠯᠲᠠ ᠶᠢᠨ ᠬᠠᠮᠢᠶ᠎ᠠ ᠪᠥᠬᠦᠶ ᠮᠠᠲ᠋ᠧᠷᠢᠶᠠᠯ ᠢ ᠪᠥᠬᠦ ᠲᠠᠯ᠎ᠠ ᠪᠠᠷ ᠪᠠᠶᠢᠴᠠᠭᠠᠨ ᠦᠵᠡᠪᠡ᠃ ᠨᠢᠭᠡ ᠲᠠᠯ᠎ᠠ ᠪᠠᠷ 2019 ᠣᠨ ᠤ ᠲᠥᠰᠦᠪ ᠤᠨ ᠣᠷᠣᠯᠭ᠎ᠠ ᠵᠠᠷᠤᠯᠭ᠎ᠠ ᠶᠢᠨ ᠦᠨᠡᠨ ᠪᠣᠳᠠᠲᠤ ᠴᠢᠨᠠᠷ᠂ ᠬᠠᠤᠯᠢ ᠶᠣᠰᠣᠨ ᠴᠢᠨᠠᠷ ᠵᠢᠴᠢ ᠳᠦᠷᠢᠮᠵᠢᠭᠰᠡᠨ ᠴᠢᠨᠠᠷ ᠢ ᠭᠤᠣᠯᠳᠠᠯᠭ᠎ᠠ ᠲᠠᠢ ᠬᠢᠨᠠᠨ ᠪᠠᠶᠢᠴᠠᠭᠠᠪᠠ︔ ᠳᠠᠷᠠᠭ᠎ᠠ ᠳᠤᠨᠢ 2019 ᠣᠨ ᠤ ᠭᠤᠷᠪᠠᠨ ᠠᠯᠪᠠᠨ ᠤ ᠵᠠᠷᠤᠳᠠᠯ ᠤᠨ ᠵᠠᠷᠤᠯᠭ᠎ᠠ ᠶᠢᠨ ᠲᠥᠰᠦᠪ ᠤᠨ ᠪᠠᠶᠢᠳᠠᠯ ᠢ  ᠪᠠᠶᠢᠴᠠᠭᠠᠪᠠ︔ ᠨᠥᠭᠦᠭᠡ ᠲᠠᠯ᠎ᠠ ᠪᠠᠷ ᠪᠢᠳᠡ ᠪᠠᠰᠠ ᠲᠤᠰᠬᠠᠶ ᠪᠠᠯᠠ ᠮᠥᠩᠭᠦ ᠶᠢ ᠬᠡᠷᠡᠭᠯᠡᠭᠰᠡᠨ ᠪᠠᠶᠢᠳᠠᠯ ᠢ ᠭᠤᠤᠯᠴᠢᠯᠠᠨ ᠠᠩᠬᠠᠷᠴᠦ᠂ ᠲᠤᠰᠬᠠᠶ ᠪᠠᠯᠠ ᠮᠥᠩᠭᠦ ᠶᠢ ᠲᠣᠭᠲᠠᠭᠠᠭᠰᠠᠨ ᠬᠦᠷᠢᠶ᠎ᠡ ᠬᠡᠪᠴᠢᠶ᠎ᠡ ᠶᠣᠰᠣᠭᠠᠷ ᠵᠢᠭᠰᠠᠭᠠᠨ ᠭᠠᠷᠭᠠᠭᠰᠠᠨ ᠡᠰᠡᠬᠦ ᠶᠢ ᠬᠠᠷᠭᠤᠭᠤᠯᠤᠨ ᠪᠠᠶᠢᠴᠠᠭᠠᠪᠠ᠃ ᠲᠤᠰᠬᠠᠶ  ᠵᠦᠢᠯ ᠤᠨ ᠪᠠᠯᠠ ᠮᠥᠩᠭᠦ ᠶᠢᠨ ᠲᠠᠯ᠎ᠠ ᠪᠠᠷ 2019 ᠣᠨ ᠤ ᠣᠨᠳᠣᠤ ᠭᠠᠵᠠᠷ ᠲᠤ ᠨᠡᠭᠦᠯᠭᠡᠬᠦ᠂ ᠪᠡᠭᠡᠵᠢᠩ ᠥᠪᠥᠷ ᠮᠣᠩᠭᠤᠯ ᠤᠨ ᠠᠵᠢᠯ ᠲᠥᠷᠥᠯ ᠢᠶᠠᠷ ᠢᠶᠠᠨ ᠬᠠᠪᠰᠤᠷᠤᠨ ᠲᠡᠳᠬᠦᠬᠦ ᠲᠤᠰᠬᠠᠶ  ᠵᠦᠢᠯ ᠤᠨ ᠶᠠᠳᠠᠭᠤ ᠶᠢ ᠲᠡᠳᠬᠦᠬᠦ  ᠲᠦᠰᠦᠪ ᠤᠨ ᠪᠠᠯᠠ ᠮᠥᠩᠭᠦ ᠶᠢ ᠬᠢᠨᠠᠨ ᠪᠠᠶᠢᠴᠠᠭᠠᠪᠠ᠃         ᠨᠠᠶᠢᠷᠠᠭᠤᠯᠤᠭᠴᠢ ᠤᠷᠴᠢᠭᠤᠯᠤᠭᠴᠢ ᠪᠠᠶᠠᠨᠪᠠᠲᠦ
 
ᠢᠷᠡᠯᠲᠡ᠄ ᠵᠦᠸᠧᠽᠢ ᠰᠢᠶᠡᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13000402号-2