︽ᠪᠦᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠰᠦᠯᠳᠡ ᠳᠠᠭᠤᠤ ᠶᠢᠨ ᠬᠠᠤᠯᠢ︾ ᠶᠢᠨ ᠳᠤᠬᠠᠢ
ᠨᠡᠶᠢᠲᠡᠯᠡᠭᠰᠡᠨ ᠴᠠᠭ᠄
2020-04-27
    2017 ᠤᠨ ᠤ 9 ᠰᠠᠷ᠎ᠠ ᠶᠢᠨ 1 ᠤ ᠡᠳᠦᠷ ᠬᠤᠷᠠᠯᠳᠤᠭᠤᠯᠤᠬᠰᠡᠨ ᠠᠷᠪᠠᠨ ᠬᠤᠶᠠᠳᠣᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠳᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠶᠢᠨ ᠬᠤᠷᠢ ᠶᠢᠰᠦᠳᠦᠭᠡᠷ ᠤᠳᠠᠭ᠎ᠠ ᠶᠢᠨ ᠬᠤᠷᠠᠯ ᠠᠴᠠ ︽ᠪᠦᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠰᠦᠯᠳᠡ ᠳᠠᠭᠤᠤ ᠶᠢᠨ ᠬᠠᠤᠯᠢ︾  ᠶᠢ ᠪᠠᠳᠤᠯᠠᠵᠤ᠂ ᠳᠤᠰ ᠬᠠᠤᠯᠢ ᠶᠢ 2017 ᠤᠨ ᠤ 10 ᠰᠠᠷ᠎ᠠ ᠶᠢᠨ 1 ᠤ ᠡᠳᠦᠷ ᠠᠴᠠ ᠡᠭᠢᠯᠡᠨ ᠭᠡᠷᠡᠭᠵᠢᠬᠦᠯᠦᠭᠰᠡᠨ ᠪᠠᠶᠢᠨ᠎ᠠ᠃   ᠮᠠᠨ ᠤ ᠤᠯᠤᠰ 1990 ᠤᠨ ᠪᠤᠯᠤᠨ 1991 ᠤᠨ ᠳᠤ ︽ᠤᠯᠤᠰ ᠤᠨ ᠳᠤᠭ ᠤᠨ ᠬᠠᠤᠯᠢ︾ ᠪᠤᠯᠤᠨ ︽ᠤᠯᠤᠰ ᠤᠨ ᠰᠦᠯᠳᠡ︾ ᠶᠢᠨ ᠬᠠᠤᠯᠢ ᠶᠢ ᠳᠤᠰ ᠪᠦᠷᠢ ᠪᠠᠳᠤᠯᠠᠵᠤ ᠭᠡᠷᠡᠭᠵᠢᠬᠦᠯᠦᠭᠰᠡᠨ ᠪᠠᠶᠢᠨ᠎ᠠ᠃ ᠭᠡᠪᠡᠴᠤ ︽ᠤᠯᠤᠰ ᠤᠨ ᠰᠦᠯᠳᠡ ᠳᠠᠭᠤᠤ ᠶᠢᠨ ᠬᠠᠤᠯᠢ︾ ᠶᠢ ᠨᠡᠯᠢᠶᠡᠳ ᠤᠷᠳᠤ ᠬᠤᠭᠤᠴᠠᠭᠠᠨ ᠳᠤ ᠳᠤᠬᠳᠠᠭᠠᠭ᠎ᠠ ᠦᠭᠡᠢ ᠪᠠᠶᠢᠵᠠᠢ᠃ 2002 ᠤᠨ ᠳᠤ ᠪᠤᠯᠤᠬᠰᠡᠨ ᠶᠢᠰᠦᠳᠦᠭᠡᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠳᠦᠯᠦᠭᠡᠯᠡᠭᠴᠢᠳ ᠤᠨ ᠶᠡᠭᠡ ᠬᠤᠷᠠᠯ ᠤᠨ ᠳᠠᠪᠤᠳᠤᠭᠠᠷ ᠤᠳᠠᠭ᠎ᠠ ᠶᠢᠨ ᠬᠤᠷᠠᠯ ᠠᠴᠠ ᠨᠠᠰᠢ᠂ ᠵᠢᠯ ᠪᠦᠷᠢ ᠶᠢᠨ ᠪᠦᠬᠦ ᠤᠯᠤᠰ ᠤᠨ ︽ᠬᠤᠶᠠᠷ ᠬᠤᠷᠠᠯ︾ ᠳᠡᠭᠡᠷ᠎ᠡ ᠳᠦᠯᠦᠭᠡᠯᠡᠭᠴᠢᠳ᠂ ᠭᠡᠰᠢᠬᠦᠳ ᠠᠴᠠ ︽ᠤᠯᠤᠰ ᠤᠨ ᠰᠦᠯᠳᠡ ᠳᠠᠭᠤᠤ ᠶᠢᠨ ᠬᠠᠤᠯᠢ︾ ᠶᠢ ᠪᠠᠳᠤᠯᠠᠬᠤ ᠳᠤᠬᠠᠢ ᠰᠠᠨᠠᠯ ᠰᠠᠨᠠᠭᠤᠯᠭ᠎ᠠ ᠶᠢ ᠵᠠᠯᠭᠠᠪᠠᠷ ᠳᠠᠪᠰᠢᠬᠦᠯᠦᠭᠰᠡᠭᠡᠷ ᠢᠷᠡᠵᠡᠢ᠃ 2017 ᠣᠨ ᠤ ᠡᠭᠢ ᠪᠠᠷ᠂ ᠶᠡᠷᠤᠩᠭᠡᠢ ᠱᠦᠵᠢ ᠰᠢ ᠶᠢᠨ ᠫᠢᠩ ︽ᠤᠯᠤᠰ ᠤᠨ ᠰᠦᠯᠳᠡ ᠳᠠᠭᠤᠤ ᠶᠢᠨ ᠬᠠᠤᠯᠢ︾ ᠳᠤᠬᠳᠠᠭᠠᠬᠤ ᠳᠤᠬᠠᠢ ᠴᠢᠬᠤᠯᠠ ᠴᠤᠬᠤᠯᠠᠪᠦᠷᠢ ᠦᠭᠴᠤ᠂ ᠪᠦᠬᠦ ᠤᠯᠤᠰ ᠤᠨ ᠠᠷᠠᠳ ᠤᠨ ᠳᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠠᠴᠠ ︽ᠤᠯᠤᠰ ᠤᠨ ᠰᠦᠯᠳᠡ ᠳᠠᠭᠤᠤ︾ ᠶᠢᠨ ᠬᠠᠤᠯᠢ ᠳᠤᠬᠳᠠᠭᠠᠬᠤ ᠠᠵᠢᠯ ᠢ ᠬᠠᠤᠯᠢ ᠳᠤᠬᠳᠠᠭᠠᠬᠤ ᠠᠵᠢᠯ ᠤᠨ ᠳᠦᠯᠦᠪᠯᠡᠭᠡ ᠳᠤ ᠤᠷᠤᠭᠤᠯᠤᠬᠰᠡᠨ ᠪᠠᠶᠢᠨ᠎ᠠ᠃    ᠤᠯᠤᠰ ᠤᠨ ᠰᠦᠯᠳᠡ ᠳᠠᠭᠤᠤ ᠪᠤᠯ ᠨᠢᠭᠡ ᠤᠯᠤᠰ ᠦᠨᠳᠦᠰᠦᠳᠡᠨ ᠤ ᠵᠤᠷᠢᠭ ᠰᠠᠨᠠᠭᠠᠨ ᠤ ᠳᠦᠷᠢ ᠳᠦᠷᠬᠦ᠂ ᠨᠡᠷ᠎ᠡ ᠬᠦᠨᠳᠤ ᠶᠢ ᠳᠦᠯᠦᠭᠡᠯᠡᠵᠤ ᠪᠠᠶᠢᠳᠠᠭ ᠪᠤᠯᠬᠤᠷ᠂ ᠳᠡᠷᠡ ᠨᠢ ᠳᠦᠢᠯ ᠤᠨ ᠴᠢᠩᠭ᠎ᠠ ᠳᠦᠪᠯᠡᠬᠦᠨ ᠪᠦᠭᠡᠳ ᠡᠷᠭᠢᠮᠰᠦᠭ ᠬᠦᠨᠳᠦᠳᠭᠡᠯ ᠲᠠᠢ ᠪᠠᠶᠢᠬᠤ ᠴᠢᠩᠭ᠎ᠠ ᠱᠠᠭᠠᠷᠳᠠᠯᠭ᠎ᠠ ᠲᠠᠢ ᠪᠠᠶᠢᠳᠠᠭ᠃ ᠤᠯᠤᠰ ᠤᠨ ᠰᠦᠯᠳᠡ ᠳᠠᠭᠤᠤ ᠨᠢ ᠵᠠᠩᠭᠢᠯᠠᠭ᠎ᠠ ᠶᠢᠨ ᠦᠶ᠎ᠡ ᠳᠤ ᠠᠷᠠᠳ ᠢᠷᠭᠡᠳ ᠤᠨ ᠢᠶᠠᠨ ᠰᠡᠳᠭᠢᠯ ᠰᠠᠨᠠᠭ᠎ᠠ ᠶᠢ ᠨᠢ ᠳᠣᠯᠭᠢᠰᠤᠭᠤᠯᠤᠨ ᠵᠤᠷᠢᠬᠵᠢᠭᠤᠯᠬᠤ᠂ ᠦᠪᠡᠷ ᠤᠨ ᠤᠯᠤᠰ ᠦᠨᠳᠦᠰᠦᠳᠡᠨ ᠢᠶᠠᠨ ᠬᠠᠶᠢᠷᠠᠯᠠᠨ ᠪᠠᠭ᠋ᠠᠷᠬᠠᠬᠤ᠂ ᠤᠮᠤᠬᠰᠢᠯ ᠪᠠᠭ᠋ᠠᠳᠤᠯ ᠳᠦᠷᠦᠬᠦᠯᠬᠦ᠂ ᠳᠡᠷᠡᠴᠢᠯᠡᠨ ᠤᠷᠤᠬᠰᠢᠯᠠᠨ ᠳᠠᠪᠰᠢᠬᠤ ᠵᠦᠭ ᠴᠢᠭᠯᠡᠯ ᠢ ᠨᠢ ᠵᠢᠭᠠᠬᠤ ᠮᠡᠳᠤ ᠶᠢᠨ ᠴᠢᠬᠤᠯᠠ ᠦᠢᠯᠡᠳᠦᠯ ᠦᠵᠡᠬᠦᠯᠳᠡᠭ᠃ ᠢᠯᠠᠩᠭᠤᠶ᠎ᠠ᠂ ᠤᠯᠠᠨ ᠤᠯᠤᠰ ᠤᠨ ᠭᠡᠪᠴᠢᠶᠡᠨ ᠤ ᠪᠡᠶ᠎ᠡ ᠶᠢᠨ ᠳᠠᠮᠢᠷ ᠤᠨ ᠤᠷᠤᠯᠳᠤᠭᠠᠨ ᠪᠤᠶᠤ ᠭᠠᠳᠠᠭᠠᠳᠤ ᠬᠠᠷᠢᠯᠴᠠᠭᠠᠨ ᠤ ᠠᠬᠤᠢ ᠳᠠᠯᠠᠪᠠᠢ ᠳᠤ ᠤᠯᠤᠰ ᠤᠨ ᠰᠦᠯᠳᠡ ᠳᠠᠭᠤᠤ ᠨᠢ ᠳᠤᠰ ᠤᠯᠤᠰ ᠤᠨ ᠢᠶᠠᠨ ᠰᠦᠯᠳᠡ ᠭᠡᠶᠢᠮᠤᠷᠢ ᠶᠢ ᠮᠠᠨᠳᠤᠭᠤᠯᠬᠤ ᠳᠦᠯᠦᠭᠡᠯᠡᠬᠦ ᠴᠢᠨᠠᠷ ᠲᠠᠢ ᠠᠶᠠᠯᠭᠤ ᠳᠠᠭᠤᠤ ᠪᠤᠯᠤᠬᠰᠡᠨ ᠤ ᠬᠤᠪᠢ ᠳᠤ᠂ ᠳᠡᠷᠡ ᠨᠢ ᠠᠷᠠᠳ ᠢᠷᠭᠡᠳ ᠲᠡᠭᠡᠨ ᠳᠦᠢᠯ ᠤᠨ ᠶᠡᠭᠡ ᠤᠮᠤᠬᠰᠢᠯ ᠪᠠᠭ᠋ᠠᠷᠬᠠᠯ ᠳᠦᠷᠦᠬᠦᠯᠣᠨ᠂ ᠠᠤᠭ᠎ᠠ ᠶᠡᠭᠡ ᠬᠦᠴᠦᠨ ᠵᠤᠷᠢᠭ ᠤᠯᠭᠤᠬᠤ᠂ ᠤᠶᠤᠨ ᠰᠠᠨᠠᠭᠠᠨ ᠤ ᠳᠦᠰᠢᠭ ᠳᠤᠯᠭᠠᠭᠤᠷᠢ ᠪᠤᠯᠳᠠᠭ᠃    ᠮᠠᠨ ᠤ ᠤᠯᠤᠰ ᠤᠨ ᠰᠦᠯᠳᠡ ᠳᠠᠭᠤᠤ ᠨᠢ ᠣᠯᠣᠰ ᠢᠶᠠᠨ ᠬᠠᠶᠢᠷᠠᠯᠠᠬᠤ ᠦᠵᠡᠯ ᠢ ᠪᠠᠳᠠᠷᠠᠭᠤᠯᠬᠤ᠂ ᠦᠨᠳᠦᠰᠦᠳᠡᠨ ᠤ ᠵᠤᠷᠢᠭ ᠰᠠᠨᠠᠭ᠎ᠠ ᠶᠢ ᠬᠦᠭᠵᠢᠭᠡᠨ ᠮᠠᠨᠳᠤᠭᠤᠯᠬᠤ᠂ ᠬᠦᠮᠤᠨ ᠠᠷᠠᠳ ᠤᠨ ᠢᠶᠠᠨ ᠰᠡᠳᠭᠢᠯ ᠳᠤ ᠤᠯᠤᠰ ᠬᠦᠷᠦᠨ ᠤ ᠤᠬᠠᠬᠳᠠᠬᠤᠨ ᠢ ᠪᠤᠢ ᠪᠤᠯᠭᠠᠬᠤ ᠪᠤᠯᠤᠨ ᠣᠯᠣᠰ ᠢᠶᠠᠨ ᠬᠠᠶᠢᠷᠠᠯᠠᠬᠤ ᠦᠵᠡᠯ ᠤᠨ ᠬᠦᠮᠤᠵᠢᠯ ᠭᠢᠬᠦ ᠴᠢᠬᠤᠯᠠ ᠠᠴᠢᠶᠠᠯᠠᠪᠦᠷᠢ ᠪᠤᠯᠤᠬᠰᠡᠨ ᠳᠡᠳᠤᠢ ᠦᠭᠡᠢ᠂ ᠨᠡᠩ ᠴᠦ ᠳᠤᠮᠳᠠᠳᠤ ᠤᠯᠤᠰ ᠤᠨ ᠦᠯᠢᠭᠡᠷ ᠳᠡᠤᠭᠡ ᠶᠢ ᠬᠦᠤᠷᠨᠢᠬᠦ᠂ ᠳᠤᠮᠳᠠᠳᠤ ᠤᠯᠤᠰ ᠤᠨ ᠦᠵᠡᠯᠳᠡ ᠵᠤᠷᠢᠯᠳᠠ ᠶᠢ ᠳᠠᠮᠵᠢᠭᠤᠯᠬᠤ᠂ ᠳᠤᠮᠳᠠᠳᠤ ᠶᠢᠨ ᠦᠨᠳᠦᠰᠦᠳᠡᠨ ᠤ ᠴᠤᠴᠠᠯᠳᠠ ᠦᠭᠡᠢ ᠳᠡᠮᠡᠴᠡᠳᠡᠭ ᠠᠭᠤᠤ ᠶᠡᠭᠡ ᠵᠤᠷᠢᠭ ᠰᠠᠨᠠᠭ᠎ᠠ ᠶᠢ ᠢᠯᠡᠷᠡᠬᠦᠯᠬᠦ ᠴᠢᠬᠤᠯᠠ ᠠᠷᠭ᠎ᠠ ᠭᠡᠯᠪᠡᠷᠢ ᠪᠤᠯᠤᠬᠰᠡᠨ ᠪᠠᠶᠢᠨ᠎ᠠ᠃    ︽ᠣᠯᠣᠰ ᠢᠶᠠᠨ ᠬᠠᠶᠢᠷᠠᠯᠠᠬᠤ ᠦᠵᠡᠯ ᠪᠤᠯ ᠳᠤᠮᠳᠠᠳᠤ ᠶᠢᠨ ᠦᠨᠳᠦᠰᠦᠳᠡᠨ ᠤ ᠵᠤᠷᠢᠭ ᠰᠠᠨᠠᠭᠠᠨ ᠤ ᠭᠤᠤᠯ ᠴᠢᠮᠤᠭᠡ ᠮᠦᠨ︾ ᠭᠡᠵᠤ ᠶᠡᠷᠤᠩᠭᠡᠢ ᠱᠦᠵᠢ ᠰᠢ ᠶᠢᠨ ᠫᠢᠩ ᠴᠢᠬᠤᠯᠠᠴᠢᠯᠠᠨ ᠳᠤᠷᠠᠳᠤᠬᠰᠡᠨ ᠪᠠᠶᠢᠳᠠᠭ᠃    ᠡᠭᠡ ᠤᠷᠤᠨᠴᠢ ᠦᠵᠡᠯ ᠢ ᠰᠤᠷᠳᠠᠯᠴᠢᠯᠠᠨ ᠪᠠᠳᠠᠷᠠᠭᠤᠯᠬᠤ ᠳᠤ ᠬᠦᠮᠤᠨ ᠪᠦᠬᠦᠨ ᠦᠪᠡᠷ ᠤᠨ ᠪᠡᠶ᠎ᠡ ᠠᠴᠠ ᠪᠠᠨ ᠭᠠᠷᠳᠠᠨ ᠭᠢᠬᠦ ᠴᠢᠬᠤᠯᠠᠳᠠᠢ᠃ ᠡᠶᠢᠮᠤ ᠠᠴᠠ ᠪᠦᠬᠦᠳᠡ ᠨᠡᠶᠢᠷᠠᠮᠳᠠᠬᠤ ᠳᠤᠮᠳᠠᠳᠤ ᠠᠷᠠᠳ ᠤᠯᠤᠰ ᠤᠨ ᠠᠷᠠᠳ ᠢᠷᠭᠡᠳ ᠪᠦᠬᠦᠨ ᠡᠷᠭᠡᠪᠰᠢ ᠤᠯᠤᠰ ᠤᠨ ᠰᠦᠯᠳᠡ ᠳᠠᠭᠤᠤ ᠪᠠᠨ ᠬᠦᠨᠳᠦᠳᠭᠡᠨ ᠳᠡᠭᠡᠳᠤᠯᠠᠵᠤ᠂ ᠳᠡᠬᠦᠨ ᠤ ᠨᠡᠷ᠎ᠡ ᠳᠦᠷᠦ ᠶᠢ ᠦᠷᠬᠦᠯᠵᠢ ᠬᠠᠮᠠᠭᠠᠯᠠᠬᠤ ᠪᠠᠷ ᠪᠠᠷᠠᠬᠤ ᠦᠭᠡᠢ᠂ ᠮᠦᠨᠴᠤ ᠬᠠᠤᠯᠢ ᠴᠠᠭᠠᠵᠠ ᠳᠤ ᠳᠤᠬᠳᠠᠭᠠᠬᠰᠡᠨ ᠵᠦᠢᠯ ᠤᠨ ᠪᠠᠷᠢᠮᠵᠢᠶ᠎ᠠ ᠶᠤᠰᠤᠭᠠᠷ ᠳᠠᠭᠤᠯᠠᠬᠤ ᠡᠬᠦᠷᠭᠡ ᠬᠠᠷᠢᠭᠤᠴᠠᠯᠭ᠎ᠠ ᠲᠠᠢ ᠶᠤᠮ᠃    ᠠᠯᠢ ᠨᠢᠭᠡᠨ ᠤᠯᠤᠰ ᠤᠷᠤᠨ ᠤ ᠰᠦᠯᠳᠡ ᠳᠠᠭᠤᠤ ᠪᠠᠨ ᠬᠦᠭᠵᠢᠮᠳᠡᠬᠦ ᠳᠤ ᠭᠡᠳ ᠪᠦᠷ ᠳᠤᠰ ᠤᠯᠤᠰ ᠦᠨᠳᠦᠰᠦᠳᠡᠨ ᠤ ᠭᠢᠨᠢ ᠴᠢᠬᠤᠯᠠ ᠶᠡᠭᠡ ᠭᠡᠷᠡᠭ ᠶᠠᠪᠣᠳᠠᠯ ᠪᠤᠶᠤ ᠦᠯᠢᠭᠡᠷ ᠳᠡᠤᠭᠡ᠂ ᠬᠦᠰᠡᠯ ᠡᠷᠡᠮᠡᠯᠵᠡᠯ ᠬᠦᠨᠵᠡᠭᠡᠢ ᠠᠭᠤᠯᠤᠬᠳᠠᠵᠤ ᠪᠠᠶᠢᠳᠠᠭ᠃ ᠡᠶᠢᠮᠤ ᠠᠴᠠ ᠠᠯᠢ ᠴᠦ ᠤᠯᠤᠰ ᠬᠦᠷᠣᠨ ᠦᠪᠡᠷ ᠤᠨ ᠰᠦᠯᠳᠡ ᠳᠠᠭᠤᠤ ᠪᠠᠨ ᠳᠦᠢᠯ ᠢᠶᠠᠷ ᠡᠷᠭᠢᠮᠯᠡᠨ ᠳᠡᠭᠡᠳᠦᠯᠡᠵᠤ ᠰᠢᠳᠤᠨ ᠬᠦᠨᠳᠦᠯᠡᠳᠡᠭ ᠪᠦᠭᠡᠳ ᠰᠦᠯᠳᠡ ᠳᠠᠭᠤᠤ ᠪᠠᠨ ᠬᠢᠯᠪᠠᠷᠬᠠᠨ ᠰᠤᠯᠢᠵᠤ ᠦᠭᠡᠷᠡᠴᠢᠯᠡᠳᠡᠭ ᠦᠭᠡᠢ ᠶᠤᠮ᠃    ᠤᠯᠠᠨ ᠤ ᠮᠡᠳᠡᠭᠡᠵᠢ ᠪᠠᠷ᠂ ᠮᠠᠨ ᠤ ᠤᠯᠤᠰ ᠤᠨ ᠰᠦᠯᠳᠡ ᠳᠠᠭᠤᠤ ᠪᠤᠯ ᠳᠤᠮᠳᠠᠳᠤ ᠤᠯᠤᠰ ᠤᠨ ᠠᠷᠠᠳ ᠲᠦᠮᠡᠨ ᠡᠪ ᠬᠠᠮᠳᠤ ᠨᠠᠮ ᠤᠨ ᠤᠳᠤᠷᠢᠳᠤᠯᠭ᠎ᠠ ᠳᠤᠤᠷ᠎ᠠ ᠶᠠᠫᠤᠨ ᠡᠵᠡᠷᠭᠡᠭ ᠳᠦᠷᠢᠮᠡᠭᠡᠶᠢᠳᠡᠨ ᠤ ᠳᠦᠷᠢᠮᠡᠭᠡᠶᠢᠯᠡᠯ ᠳᠠᠷᠤᠯᠠᠯ ᠢ ᠡᠰᠡᠷᠭᠦᠴᠡᠨ ᠪᠤᠰᠤᠯᠴᠠᠵᠤ᠂ ᠤᠯᠤᠰ ᠦᠨᠳᠦᠰᠦᠳᠡᠨ ᠤ ᠳᠤᠰᠠᠭᠠᠷ ᠳᠤᠬᠳᠠᠨᠢᠯ᠂ ᠠᠷᠠᠳ ᠳᠦᠮᠡᠨ ᠤ ᠴᠢᠯᠦᠭᠡᠯᠡᠯᠳᠡ ᠶᠢᠨ ᠳᠦᠯᠦᠭᠡ ᠡᠷᠡᠯᠭᠡᠭ ᠢᠶᠠᠷ ᠪᠠᠶᠢᠯᠳᠤᠨ ᠳᠡᠮᠡᠴᠡᠭᠰᠡᠨ ᠠᠭᠤᠤ ᠶᠡᠭᠡ ᠵᠤᠷᠢᠭ ᠰᠠᠨᠠᠭ᠎ᠠ ᠶᠢ ᠬᠠᠷᠠᠭᠤᠯᠤᠬᠰᠡᠨ ᠪᠠᠶᠢᠳᠠᠭ᠃ ᠳᠤᠰ ᠳᠠᠭᠤᠤ ᠨᠢ ᠭᠡᠳᠦ᠋ᠢᠪᠡᠷ ᠶᠠᠫᠤᠨ ᠢ ᠡᠰᠡᠷᠬᠦᠴᠡᠬᠦ ᠳᠠᠶᠢᠨ ᠤ ᠦᠶ᠎ᠡ ᠳᠤ ᠵᠤᠭᠢᠶᠠᠬᠳᠠᠬᠰᠡᠨ ᠪᠤᠯᠪᠠᠴᠤ ᠤᠳᠤ ᠳᠤ ᠴᠦ ᠬᠦᠨ ᠬᠦᠨᠵᠡᠭᠡᠢ ᠪᠤᠳᠠᠳᠤ ᠠᠴᠢ ᠬᠤᠯᠪᠤᠬᠳᠠᠯ ᠲᠠᠢ ᠪᠠᠶᠢᠬᠰᠠᠭᠠᠷ ᠶᠤᠮ᠃ ᠤᠴᠢᠷ ᠨᠢ ᠡᠩᠬᠡ ᠳᠠᠶᠢᠪᠤᠩ ᠴᠠᠭ ᠦᠶ᠎ᠡ ᠳᠤ ᠴᠦ ᠭᠡᠳ ᠠᠶᠤᠯ ᠳᠦᠭᠰᠢᠬᠦᠷᠢ ᠶᠢ ᠭᠡᠵᠢᠶᠡᠳᠡ ᠰᠡᠷᠡᠮᠵᠢᠯᠡᠬᠦ ᠭᠡᠷᠡᠭᠳᠠᠢ ᠪᠦᠭᠡᠳ ᠳᠤᠮᠳᠠᠳᠤ ᠶᠢᠨ ᠦᠨᠳᠦᠰᠦᠳᠡᠨ ᠬᠠᠷᠢ ᠶᠢᠨ ᠳᠦᠷᠢᠮᠡᠭᠡᠶᠢᠯᠡᠭᠴᠢᠳ ᠲᠤ ᠳᠠᠷᠤᠯᠠᠬᠳᠠᠨ ᠳᠤᠷᠤᠮᠵᠢᠯᠠᠬᠳᠠᠵᠤ ᠪᠠᠶᠢᠬᠰᠡᠨ ᠳᠡᠷᠡᠬᠦ ᠭᠤᠳᠤᠮᠰᠢᠬᠳᠤ ᠳᠡᠤᠭᠡ ᠪᠠᠨ ᠡᠬᠦᠷᠢᠳᠡ ᠪᠠᠳᠤ ᠴᠡᠭᠡᠵᠢᠯᠡᠨ᠂ ᠳᠡᠤᠭᠡ ᠪᠠᠷ ᠳᠤᠯᠢ ᠪᠤᠯᠭᠠᠨ ᠢᠷᠡᠭᠡᠳᠤᠢ ᠳᠡᠭᠡᠨ ᠬᠠᠨᠳᠤᠬᠤ ᠵᠤᠷᠢᠭ ᠰᠠᠨᠠᠭ᠎ᠠ ᠶᠢ ᠬᠠᠷᠠᠭᠤᠯᠤᠬᠰᠡᠨ ᠪᠤᠯᠬᠤᠷ᠂ ᠳᠤᠰ ᠳᠠᠭᠤᠤ ᠨᠢ ᠴᠠᠭ ᠦᠶ᠎ᠡ ᠠᠴᠠ ᠭᠡᠵᠢᠶᠡᠳᠡ ᠬᠤᠴᠤᠷᠬᠤ ᠦᠭᠡᠢ ᠪᠠᠶᠢᠳᠠᠭ᠂ ᠡᠬᠦᠪᠡᠷ ᠢᠶᠠᠨ ᠳᠤᠮᠳᠠᠳᠤᠴᠤᠳ ᠤᠨ ᠤᠷᠤᠬᠰᠢᠯᠠᠯᠳᠠ ᠶᠢᠨ ᠴᠢᠭᠯᠡᠯ ᠢ ᠵᠢᠭᠠᠬᠰᠡᠨ ᠳᠠᠶᠢᠴᠢᠯᠠᠯᠳᠠ ᠶᠢᠨ ᠪᠦᠷᠢᠶ᠎ᠡ ᠪᠤᠯᠤᠬᠰᠡᠨ ᠪᠠᠶᠢᠨ᠎ᠠ᠃    ︽ᠤᠯᠤᠰ ᠤᠨ ᠰᠦᠯᠳᠡ ᠳᠠᠭᠤᠤ ᠶᠢᠨ ᠬᠠᠤᠯᠢ︾ ᠳᠤ ᠤᠯᠤᠰ ᠤᠨ ᠰᠦᠯᠳᠡ ᠳᠠᠭᠤᠤ ᠶᠢ ᠬᠦᠭᠵᠢᠮᠳᠠᠵᠤ ᠳᠠᠭᠤᠯᠠᠬᠤ ᠠᠬᠤᠢ ᠤᠷᠴᠢᠨ ᠢ ᠭᠡᠷᠭᠢᠨ ᠳᠦᠷᠢᠮᠵᠢᠬᠦᠯᠵᠤ ᠵᠢᠷᠤᠮᠵᠢᠭᠤᠯᠬᠤ ᠳᠠᠯ᠎ᠠ ᠪᠠᠷ ᠨᠠᠷᠢᠨ ᠳᠤᠳᠤᠷᠬᠠᠢ ᠱᠠᠭᠠᠷᠳᠠᠯᠭ᠎ᠠ ᠳᠤᠷᠠᠳᠤᠬᠰᠡᠨ ᠪᠠᠶᠢᠨ᠎ᠠ᠃ ᠳᠡᠭᠡᠪᠡᠯ᠂ ᠶᠠᠮᠠᠷ ᠠᠯᠪᠠᠨ ᠪᠠᠶᠢᠭᠤᠯᠤᠯᠭ᠎ᠠ ᠨᠢ ᠶᠠᠮᠠᠷ ᠤᠷᠴᠢᠨ ᠳᠤᠭᠤᠷᠢᠨ᠂ ᠶᠠᠮᠠᠷ ᠪᠠᠶᠢᠳᠠᠯ ᠳᠤ ᠤᠯᠤᠰ ᠤᠨ ᠰᠦᠯᠳᠡ ᠳᠠᠭᠤᠤ ᠶᠢ ᠬᠦᠭᠵᠢᠮᠳᠠᠨ ᠳᠠᠭᠤᠯᠠᠵᠤ ᠪᠤᠯᠬᠤ ᠪᠤᠢ︖ ᠭᠡᠪᠡᠯ᠂ ᠳᠤᠤᠷᠠᠭᠢ ᠮᠡᠳᠤ ᠶᠢᠨ ᠪᠠᠶᠢᠳᠠᠯ ᠳᠤ ᠤᠯᠤᠰ ᠤᠨ ᠰᠦᠯᠳᠡ ᠳᠠᠭᠤᠤ ᠶᠢ ᠬᠦᠭᠵᠢᠮᠳᠡᠨ ᠳᠠᠭᠤᠯᠠᠵᠤ ᠪᠤᠯᠬᠤ ᠶᠤᠮ ᠪᠠᠶᠢᠨ᠎ᠠ᠃ ᠳᠤᠬᠠᠢᠢᠯᠠᠪᠠᠯ᠄    ᠨᠢᠭᠡ᠂ ᠪᠦᠬᠦ ᠤᠯᠤᠰ ᠤᠨ ᠠᠷᠠᠳ ᠤᠨ ᠳᠦᠯᠦᠭᠡᠯᠡᠭᠴᠢᠳ ᠤᠨ ᠶᠡᠭᠡ ᠬᠤᠷᠠᠯ ᠪᠤᠯᠤᠨ ᠤᠷᠤᠨ ᠨᠤᠳᠤᠭ ᠤᠨ ᠡᠯ᠎ᠡ ᠱᠠᠳᠤᠨ ᠤ ᠠᠷᠠᠳ ᠤᠨ ᠳᠦᠯᠦᠭᠡᠯᠡᠭᠴᠢᠳ ᠤᠨ ᠶᠡᠭᠡ ᠬᠤᠷᠠᠯ ᠤᠨ ᠨᠡᠭᠡᠭᠡᠯᠳᠡ ᠶᠢᠨ ᠶᠤᠰᠤᠯᠠᠯ ᠪᠤᠯᠤᠨ ᠳᠡᠬᠦᠰᠭᠡᠯ ᠤᠨ ᠶᠤᠰᠤᠯᠠᠯ ᠳᠡᠭᠡᠷ᠎ᠡ ᠤᠯᠤᠰ ᠤᠨ ᠰᠦᠯᠳᠡ ᠳᠠᠭᠤᠤ ᠶᠢ ᠬᠦᠭᠵᠢᠮᠳᠡᠨ ᠳᠠᠭᠤᠯᠠᠵᠤ ᠪᠤᠯᠤᠨ᠎ᠠ᠃   ᠬᠤᠶᠠᠷ ᠂ ᠡᠯ᠎ᠡ ᠳᠦᠷᠦ ᠶᠢᠨ ᠨᠠᠮ᠂ ᠡᠯ᠎ᠡ ᠤᠯᠠᠨ ᠳᠦᠮᠡᠨ ᠤ ᠵᠤᠭᠢᠶᠠᠨ ᠪᠠᠶᠢᠭᠤᠯᠤᠯᠳᠠ ᠶᠢᠨ ᠡᠯ᠎ᠡ ᠱᠠᠳᠤᠨ ᠤ ᠳᠦᠯᠦᠭᠡᠯᠡᠭᠴᠢᠳ ᠤᠨ ᠶᠡᠭᠡ ᠬᠤᠷᠠᠯ ᠳᠡᠭᠡᠷ᠎ᠡ ᠤᠯᠤᠰ ᠤᠨ ᠰᠦᠯᠳᠡ ᠳᠠᠭᠤᠤ ᠶᠢ ᠬᠦᠭᠵᠢᠮᠳᠡᠨ ᠳᠠᠭᠤᠯᠠᠵᠤ ᠪᠤᠯᠣᠨ᠎ᠠ    ᠭᠤᠷᠪᠠ᠂ ᠦᠨᠳᠦᠰᠦᠨ ᠬᠠᠤᠯᠢ ᠳᠤ ᠲᠠᠩᠭᠠᠷᠢᠬᠯᠠᠬᠤ ᠶᠤᠰᠤᠯᠠᠯ ᠳᠡᠭᠡᠷ᠎ᠡ ᠤᠯᠤᠰ ᠤᠨ ᠰᠦᠯᠳᠡ ᠳᠠᠭᠤᠤ ᠶᠢ ᠬᠦᠭᠵᠢᠮᠳᠡᠨ ᠳᠠᠭᠤᠯᠠᠵᠤ ᠪᠤᠯᠤᠨ᠎ᠠ᠃    ᠳᠦᠷᠪᠡ᠂ ᠤᠯᠤᠰ ᠤᠨ ᠳᠤᠭ ᠮᠠᠨᠳᠤᠭᠤᠯᠬᠤ ᠶᠤᠰᠤᠯᠠᠯ ᠳᠡᠭᠡᠷ᠎ᠡ ᠤᠯᠤᠰ ᠤᠨ ᠰᠦᠯᠳᠡ ᠳᠠᠭᠤᠤ ᠶᠢ ᠬᠦᠭᠵᠢᠮᠳᠡᠨ ᠳᠠᠭᠤᠯᠠᠵᠤ ᠪᠤᠯᠤᠨ᠎ᠠ᠃   ᠳᠠᠪᠤ᠂ ᠡᠯ᠎ᠡ ᠱᠠᠳᠤᠨ ᠤ ᠠᠯᠪᠠᠨ ᠪᠠᠶᠢᠭᠤᠯᠤᠯᠭ᠎ᠠ ᠠᠴᠠ ᠡᠷᠭᠢᠯᠡᠨ ᠭᠢᠬᠦ ᠪᠤᠶᠤ ᠵᠤᠭᠢᠶᠠᠨ ᠪᠠᠶᠢᠭᠤᠯᠤᠨ ᠭᠢᠬᠦ ᠴᠢᠬᠤᠯᠠ ᠶᠡᠭᠡ ᠪᠠᠶᠠᠷ ᠶᠤᠰᠤᠯᠠᠯ᠂ ᠱᠠᠩᠨᠠᠯ ᠬᠦᠬᠢᠭᠦᠯᠣᠯ ᠤᠯᠭᠤᠬᠤ ᠬᠤᠷᠠᠯ ᠪᠤᠶᠤ ᠡᠰᠡᠬᠦᠯ᠎ᠡ ᠳᠤᠷᠠᠰᠬᠠᠨ ᠳᠡᠮᠳᠡᠭᠯᠡᠬᠦ ᠶᠤᠰᠤᠯᠠᠯ ᠵᠡᠷᠭᠡ ᠬᠤᠷᠠᠯ ᠳᠡᠭᠡᠷ᠎ᠡ ᠤᠯᠤᠰ ᠤᠨ ᠰᠦᠯᠳᠡ ᠳᠠᠭᠤᠤ ᠶᠢ ᠬᠦᠭᠵᠢᠮᠳᠡᠨ ᠳᠠᠭᠤᠯᠠᠵᠤ ᠪᠤᠯᠤᠨ᠎ᠠ᠃      ᠵᠢᠷᠭᠤᠭ᠎ᠠ᠂ ᠤᠯᠤᠰ ᠤᠨ ᠨᠡᠶᠢᠳᠡ ᠶᠢᠨ ᠳᠠᠭᠢᠯᠭ᠎ᠠ ᠶᠢᠨ ᠶᠣᠰᠣᠯᠡᠯ ᠳᠡᠭᠡᠷ᠎ᠡ ᠤᠯᠤᠰ ᠤᠨ ᠰᠦᠯᠳᠡ ᠳᠠᠭᠤᠤ ᠶᠢ ᠬᠦᠭᠵᠢᠮᠳᠡᠨ ᠳᠠᠭᠤᠯᠠᠵᠤ ᠪᠤᠯᠤᠨ᠎ᠠ᠃    ᠳᠤᠯᠤᠭ᠎ᠠ᠂ ᠴᠢᠬᠤᠯᠠ ᠶᠡᠭᠡ ᠭᠠᠳᠠᠭᠠᠳᠤ ᠶᠠᠪᠤᠳᠠᠯ ᠤᠨ ᠠᠵᠢᠯᠯᠠᠭ᠎ᠠ ᠳᠡᠭᠡᠷ᠎ᠡ ᠤᠯᠤᠰ ᠤᠨ ᠰᠦᠯᠳᠡ ᠳᠠᠭᠤᠤ ᠶᠢ ᠬᠦᠭᠵᠢᠮᠳᠡᠨ ᠳᠠᠭᠤᠯᠠᠵᠤ ᠪᠤᠯᠤᠨ᠎ᠠ᠃    ᠨᠡᠢᠮᠠ᠂ ᠴᠢᠬᠤᠯᠠ ᠶᠡᠭᠡ ᠪᠡᠶ ᠎ᠠ ᠶᠢᠨ ᠳᠠᠮᠢᠷ ᠤᠨ ᠤᠷᠤᠯᠳᠤᠭᠠᠨ ᠴᠣᠬᠯᠠᠭᠠᠨ ᠳᠡᠭᠡᠷ᠎ᠡ ᠤᠯᠤᠰ ᠤᠨ ᠰᠦᠯᠳᠡ ᠳᠠᠭᠤᠤ ᠶᠢ ᠬᠦᠭᠵᠢᠮᠳᠡᠨ ᠳᠠᠭᠤᠯᠠᠵᠤ ᠪᠤᠯᠤᠨ᠎ᠠ᠃   ᠶᠢᠰᠤ᠂ ᠳᠡᠭᠡᠷ᠎ᠡ ᠳᠤᠷᠠᠳᠤᠬᠰᠡᠨ ᠵᠦᠢᠯ ᠤᠳ ᠠᠴᠠ ᠪᠤᠰᠤᠳ ᠤᠯᠤᠰ ᠤᠨ ᠰᠦᠯᠳᠡ ᠳᠠᠭᠤᠤ ᠶᠢ ᠬᠦᠭᠵᠢᠮᠳᠡᠨ ᠳᠠᠭᠤᠯᠠᠬᠤ ᠴᠢᠬᠤᠯᠠ ᠲᠠᠢ ᠠᠬᠤᠢ ᠳᠠᠯᠠᠪᠠᠢ ᠳᠤ ᠤᠯᠤᠰ ᠤᠨ ᠰᠦᠯᠳᠡ ᠳᠠᠭᠤᠤ ᠶᠢ ᠬᠦᠭᠵᠢᠮᠳᠡᠨ ᠳᠠᠭᠤᠯᠠᠵᠤ ᠪᠤᠯᠤᠨ᠎ᠠ ᠭᠡᠵᠤ ︽ᠤᠯᠤᠰ ᠤᠨ ᠰᠦᠯᠳᠡ ᠳᠠᠭᠤᠤ ᠶᠢᠨ ᠬᠠᠤᠯᠢ︾ ᠳᠤ ᠳᠤᠬᠳᠠᠭᠠᠬᠰᠡᠨ ᠪᠠᠶᠢᠨ᠎ᠠ᠃    ᠡᠬᠦᠨ ᠠᠴᠠ ᠭᠠᠳᠠᠨ᠎ᠠ᠂ ᠤᠯᠤᠰ ᠤᠨ ᠰᠦᠯᠳᠡ ᠳᠠᠭᠤᠤ ᠶᠢᠨ ᠪᠢᠴᠢᠯᠭᠡ ︵ᠰᠢᠩᠭᠡᠭᠡᠯᠳᠡ︶ ᠶᠢ ᠳᠠᠯᠪᠢᠵᠤ ᠨᠡᠪᠳᠡᠷᠡᠬᠦᠯᠬᠦ ᠳᠤᠬᠠᠢ ᠴᠦ ᠨᠠᠷᠢᠨ ᠳᠦᠷᠢᠮᠵᠢᠯ ᠭᠠᠷᠭᠠᠬᠰᠡᠨ ᠪᠠᠶᠢᠨ᠎ᠠ᠂ ᠡᠬᠦᠨ ᠳᠤ ᠤᠯᠤᠰ ᠤᠨ ᠪᠠᠶᠠᠷ᠂ ᠳᠡᠯᠡᠭᠡᠢ ᠶᠢᠨ ᠬᠦᠳᠡᠯᠮᠤᠷᠢᠴᠢᠳ ᠤᠨ ᠪᠠᠶᠠᠷ ᠵᠡᠷᠭᠡ ᠴᠢᠬᠤᠯᠠ ᠶᠡᠭᠡ ᠪᠠᠶᠠᠷ ᠳᠤᠷᠠᠰᠬᠠᠯ ᠤᠨ ᠡᠳᠦᠷ ᠤᠳ ᠲᠤ ᠳᠦᠪ ᠤᠨ ᠪᠠ ᠮᠤᠵᠢ᠂ ᠦᠪᠡᠷᠳᠡᠭᠡᠨ ᠵᠠᠰᠠᠬᠤ ᠤᠷᠤᠨ᠂ ᠰᠢᠭᠤᠳ ᠬᠠᠷᠢᠶ᠎ᠠ ᠬᠤᠳᠠ ᠶᠢᠨ ᠷᠠᠳᠢᠣ᠋ ᠲᠧᠯᠸᠢᠰ ᠬᠤᠷᠢᠶ᠎ᠠ ᠳᠤᠰᠬᠠᠢ ᠳᠤᠬᠳᠠᠭᠠᠬᠰᠡᠨ ᠨᠡᠪᠳᠡᠷᠡᠬᠦᠯᠬᠦ ᠴᠠᠭ ᠲᠤ ᠤᠯᠤᠰ ᠤᠨ ᠰᠦᠯᠳᠡ ᠳᠠᠭᠤᠤ ᠶᠢ ᠨᠡᠪᠳᠡᠷᠡᠬᠦᠯᠵᠤ ᠪᠤᠯᠤᠨ᠎ᠠ ᠭᠡᠵᠤ ᠳᠤᠰ ᠬᠠᠤᠯᠢ ᠳᠤ ᠳᠤᠬᠳᠠᠭᠠᠬᠰᠡᠨ ᠪᠠᠶᠢᠨ᠎ᠠ᠃    ᠳᠡᠭᠡᠪᠡᠯ᠂ ᠤᠯᠤᠰ ᠤᠨ ᠰᠦᠯᠳᠡ ᠳᠠᠭᠤᠤ ᠶᠢ ᠶᠠᠮᠠᠷ ᠤᠷᠴᠢᠨ ᠳᠠᠯᠠᠪᠠᠢ ᠳᠤ ᠳᠠᠭᠤᠯᠠᠨ ᠬᠦᠭᠵᠢᠮᠳᠡᠵᠤ ᠪᠤᠯᠬᠤ ᠦᠭᠡᠢ ᠪᠤᠢ︖ ᠡᠨᠡ ᠳᠠᠯ᠎ᠠ ᠪᠠᠷ ᠳᠤᠰ ᠬᠠᠤᠯᠢ ᠳᠤ ᠳᠤᠤᠷᠠᠭᠢ ᠮᠡᠳᠤ ᠶᠢᠨ ᠨᠠᠷᠢᠨ ᠳᠤᠬᠳᠠᠭᠠᠯ ᠭᠠᠷᠭᠠᠬᠰᠡᠨ ᠪᠠᠶᠢᠨ᠎ᠠ᠃    ᠨᠢᠭᠡ᠂ ᠤᠯᠤᠰ ᠤᠨ ᠰᠦᠯᠳᠡ ᠳᠠᠭᠤᠤ ᠶᠢ ᠭᠡᠯᠪᠡᠷᠢ ᠪᠠᠶᠢᠳᠠᠯ ᠢ ᠨᠢ ᠬᠤᠪᠢᠷᠠᠭᠤᠯᠤᠬᠰᠡᠨ ᠠᠷᠠᠯᠵᠢᠶ᠎ᠠ ᠬᠤᠳᠠᠯᠳᠤᠭᠠᠨ ᠤ ᠱᠤᠰᠢᠭ᠎ᠠ ᠳᠡᠮᠳᠡᠭ ᠢᠶᠠᠷ ᠭᠡᠷᠡᠭᠯᠡᠬᠦ ᠪᠤᠶᠤ ᠵᠠᠷ ᠮᠡᠳᠡᠭᠡᠨ ᠳᠤ ᠭᠡᠷᠡᠭᠯᠡᠵᠤ ᠪᠤᠯᠬᠤ ᠦᠭᠡᠢ᠃    ᠬᠤᠶᠠᠷ᠂ ᠬᠤᠪᠢ ᠬᠦᠮᠤᠨ ᠤ ᠭᠠᠰᠢᠭᠤᠳᠠᠯ᠂ ᠪᠡᠯᠪᠡᠰᠤᠷᠠᠯ ᠤᠨ ᠠᠵᠢᠯᠯᠠᠭ᠎ᠠ ᠮᠡᠳᠤ ᠶᠢᠨ ᠤᠯᠤᠰ ᠤᠨ ᠰᠦᠯᠳᠡ ᠳᠠᠭᠤᠤ ᠶᠢ ᠳᠠᠭᠤᠯᠠᠨ ᠬᠦᠭᠵᠢᠮᠳᠡᠬᠦ ᠳᠤ ᠳᠤᠭᠢᠷᠠᠬᠤ ᠦᠭᠡᠢ ᠤᠷᠴᠢᠨ ᠳᠠᠯᠠᠪᠠᠢ ᠳᠤ ᠬᠦᠭᠵᠢᠮᠳᠡᠬᠦ᠂ ᠳᠠᠭᠤᠯᠠᠬᠤ ᠶᠢ ᠴᠠᠭᠠᠵᠠᠯᠠᠨ᠎ᠠ᠃    ᠭᠤᠷᠪᠠ ᠂ ᠤᠯᠤᠰ ᠤᠨ ᠰᠦᠯᠳᠡ ᠳᠠᠭᠤᠤ ᠪᠠᠷ ᠤᠯᠠᠨ ᠨᠡᠶᠢᠳᠡ ᠶᠢᠨ ᠳᠠᠯᠠᠪᠠᠢ ᠶᠢᠨ ᠳᠡᠪᠢᠰᠭᠡᠷ ᠬᠦᠭᠵᠢᠮ ᠵᠡᠷᠭᠡ ᠶᠢ ᠤᠷᠤᠯᠠᠭᠤᠯᠵᠤ ᠪᠤᠯᠬᠤ ᠦᠭᠡᠢ ᠭᠡᠵᠤ ᠳᠤᠳᠤᠷᠬᠠᠢ ᠳᠤᠬᠳᠠᠭᠠᠬᠰᠡᠨ ᠪᠠᠶᠢᠨ᠎ᠠ᠃ ᠳᠤᠰ ᠬᠠᠤᠯᠢ ᠳᠤ᠂ ᠤᠯᠤᠰ ᠤᠨ ᠰᠦᠯᠳᠡ ᠲᠠᠭᠤᠣ ᠶᠢ ᠭᠤᠳᠤᠭᠠᠵᠤ ᠳᠤᠷᠤᠮᠵᠢᠯᠠᠬᠰᠡᠨ᠂ ᠦᠭᠡᠷᠡᠴᠢᠯᠡᠨ ᠬᠤᠪᠢᠷᠠᠭᠤᠯᠤᠬᠰᠡᠨ ᠵᠡᠷᠭᠡ ᠬᠠᠤᠯᠢ ᠪᠤᠰᠤ ᠠᠵᠢᠯᠯᠠᠭ᠎ᠠ ᠳᠤ ᠬᠠᠮᠢᠶ᠎ᠠ ᠪᠦᠬᠦᠢ ᠬᠠᠤᠯᠢ ᠴᠠᠭᠠᠵᠠ ᠶᠤᠰᠤᠭᠠᠷ ᠴᠢᠩᠭ᠎ᠠ ᠰᠢᠳᠭᠡᠯ ᠦᠭᠬᠦᠨ᠎ᠡ ᠭᠡᠵᠤ ᠳᠤᠬᠳᠠᠭᠠᠬᠰᠡᠨ ᠪᠠᠶᠢᠨ᠎ᠠ᠃    ᠳᠤᠰ ᠬᠠᠤᠯᠢ ᠶᠢᠨ ᠠᠷᠪᠠᠨ ᠳᠠᠪᠤᠳᠤᠭᠠᠷ ᠵᠦᠢᠯ ᠳᠤ᠄ ︽ᠤᠯᠠᠨ ᠨᠡᠶᠢᠳᠡ ᠶᠢᠨ ᠳᠠᠯᠠᠪᠠᠢ ᠳᠤ ᠭᠡᠷᠪᠡ ᠤᠯᠤᠰ ᠤᠨ ᠰᠦᠯᠳᠡ ᠳᠠᠭᠤᠤ ᠶᠢᠨ ᠦᠭᠡ ᠠᠶᠠᠯᠭᠤ ᠶᠢ ᠰᠠᠨᠠᠭᠠᠴᠢᠯᠠᠭ᠎ᠠ ᠲᠠᠢ ᠪᠠᠷ ᠦᠭᠡᠷᠡᠴᠢᠯᠡᠬᠦ᠂ ᠭᠠᠵᠢᠭᠤᠳᠠᠭᠤᠯᠬᠤ ᠮᠡᠳᠤ ᠪᠠᠷ ᠤᠯᠤᠰ ᠤᠨ ᠰᠦᠯᠳᠡ ᠳᠠᠭᠤᠤ ᠶᠢᠨ ᠨᠡᠷ᠎ᠡ ᠬᠦᠨᠳᠤ ᠶᠢ ᠬᠤᠭᠢᠷᠠᠭᠤᠯᠬᠤ ᠮᠡᠳᠤ ᠶᠢᠨ ᠠᠵᠢᠯᠯᠠᠭ᠎ᠠ ᠦᠢᠯᠡᠳᠦᠭᠰᠡᠨ ᠪᠤᠶᠤ ᠡᠰᠡᠬᠦᠯ᠎ᠡ ᠪᠤᠰᠤᠳ ᠶᠠᠮᠠᠷ ᠨᠢᠭᠡᠨ ᠠᠷᠭ᠎ᠠ ᠭᠡᠯᠪᠡᠷᠢ ᠪᠠᠷ ᠤᠯᠤᠰ ᠤᠨ ᠰᠦᠯᠳᠡ ᠳᠠᠭᠤᠤ ᠶᠢ ᠳᠤᠷᠤᠮᠵᠢᠯᠠᠬᠤ ᠮᠡᠳᠤ ᠶᠢᠨ ᠠᠵᠢᠯᠯᠠᠭ᠎ᠠ ᠦᠢᠯᠡᠳᠦᠭᠰᠡᠨ ᠪᠠᠶᠢᠪᠠᠯ᠂ ᠳᠤᠳᠤᠭᠠᠳᠤ ᠶᠢ ᠬᠠᠮᠠᠭᠠᠯᠠᠬᠤ ᠪᠠᠶᠢᠭᠤᠯᠣᠯᠭ᠎ᠠ ᠴᠢᠩᠭ᠎ᠠ ᠰᠡᠷᠡᠮᠵᠢᠯᠡᠬᠦᠯᠬᠦ ᠪᠤᠶᠤ 15 ᠡᠳᠦᠷ ᠠᠴᠠ ᠳᠤᠷᠤᠬᠰᠢ ᠳᠦᠷ ᠬᠤᠷᠢᠬᠤ ᠵᠡᠷᠭᠡ ᠪᠠᠷ ᠰᠢᠳᠭᠡᠨ᠎ᠡ︾ ᠭᠡᠵᠤ ᠳᠤᠬᠳᠠᠭᠠᠬᠰᠡᠨ ᠪᠠᠶᠢᠨ᠎ᠠ᠃    2017 ᠤᠨ ᠤ 11 ᠰᠠᠷ᠎ᠠ ᠶᠢᠨ 4 ᠤ ᠡᠳᠦᠷ᠂ ᠠᠷᠪᠠᠨ ᠬᠤᠶᠠᠳᠤᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠳᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠶᠢᠨ ᠭᠤᠴᠢᠳᠣᠭᠠᠷ ᠤᠳᠠᠭ᠎ᠠ ᠶᠢᠨ ᠬᠤᠷᠠᠯ ᠢᠶᠠᠷ ᠪᠠᠳᠤᠯᠠᠬᠰᠡᠨ ᠡᠷᠡᠬᠦᠤ ᠶᠢᠨ ᠬᠠᠤᠯᠢ ᠳᠤ ᠵᠠᠰᠠᠪᠦᠷᠢ ᠤᠷᠤᠭᠤᠯᠬᠤ ᠳᠦᠰᠦᠯ ︵ᠠᠷᠪᠠ︶ ᠳᠤ ︽ᠤᠯᠠᠨ ᠨᠡᠶᠢᠳᠡ ᠶᠢᠨ ᠳᠠᠯᠠᠪᠠᠢ ᠳᠤ ᠤᠯᠤᠰ ᠤᠨ ᠰᠦᠯᠳᠡ ᠳᠠᠭᠤᠤ ᠶᠢ ᠭᠤᠳᠤᠭᠠᠨ ᠳᠤᠷᠤᠮᠵᠢᠯᠠᠬᠰᠡᠨ ᠦᠢᠯᠡ ᠠᠵᠢᠯᠯᠠᠭ᠎ᠠ ᠦᠢᠯᠡᠳᠦᠭᠰᠡᠨ ᠪᠦᠭᠡᠳ ᠦᠢᠯᠡ ᠠᠵᠢᠯᠯᠠᠭ᠎ᠠ ᠨᠢ ᠬᠦᠨᠳᠤ ᠨᠤᠴᠢᠳᠠᠢ ᠪᠤᠯ᠂ ᠭᠤᠷᠪᠠᠨ ᠵᠢᠯ ᠠᠴᠠ ᠳᠤᠷᠤᠬᠰᠢ ᠬᠤᠭᠤᠴᠠᠭ᠎ᠠ ᠲᠠᠢ ᠬᠤᠷᠢᠬᠤ ᠡᠷᠡᠬᠦᠤ ᠤᠨᠤᠬᠳᠠᠭᠤᠯᠬᠤ᠂ ᠬᠤᠷᠢᠵᠤ ᠬᠦᠳᠡᠯᠮᠤᠷᠢᠯᠡᠬᠦᠯᠬᠦ᠂ ᠵᠠᠭᠢᠷᠤᠨ ᠬᠠᠮᠢᠶᠠᠷᠬᠤ ᠪᠤᠶᠤ ᠤᠯᠤᠰ ᠳᠦᠷᠦ ᠶᠢᠨ ᠡᠷᠭᠡ ᠶᠢ ᠨᠢ ᠬᠠᠰᠤᠬᠤ ᠮᠡᠳᠤ ᠶᠢᠨ ᠡᠷᠡᠬᠦᠤ ᠪᠠᠷ ᠰᠢᠳᠭᠡᠨ᠎ᠠ︾ ᠭᠡᠵᠤ ᠳᠤᠳᠤᠷᠬᠠᠢ ᠳᠤᠬᠳᠠᠭᠠᠬᠰᠡᠨ ᠪᠠᠶᠢᠨ᠎ᠠ᠃    ᠳᠤᠰ ᠬᠠᠤᠯᠢ ᠳᠤ ᠪᠠᠰᠠ ᠤᠯᠤᠰ ᠤᠨ ᠰᠦᠯᠳᠡ ᠳᠠᠭᠤᠤ ᠶᠢ ᠳᠤᠮᠳᠠᠳᠤ ᠪᠠᠭ᠎ᠠ ᠰᠤᠷᠭᠠᠭᠤᠯᠢ ᠶᠢᠨ ᠭᠢᠴᠢᠶᠡᠯ ᠤᠨ ᠪᠢᠴᠢᠭ ᠲᠤ ᠤᠷᠤᠭᠤᠯᠬᠤ ᠪᠠᠷ ᠳᠤᠬᠳᠠᠭᠠᠬᠰᠡᠨ ᠪᠠᠶᠢᠨ᠎ᠠ᠃ ᠤᠯᠤᠰ ᠤᠨ ᠰᠦᠯᠳᠡ ᠳᠠᠭᠤᠤ ᠶᠢ ᠰᠤᠷᠭᠠᠭᠤᠯᠢ ᠶᠢᠨ ᠬᠦᠷᠢᠶᠡᠨ ᠤ ᠰᠤᠶᠤᠯ ᠤᠨ ᠪᠦᠳᠦᠭᠡᠨ ᠪᠠᠶᠢᠭᠤᠯᠤᠯᠳᠠ ᠶᠢᠨ ᠴᠢᠬᠤᠯᠠ ᠠᠭᠤᠯᠭ᠎ᠠ ᠪᠤᠯᠭᠠᠵᠤ᠂ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠬᠴᠢᠳ ᠤᠨ ᠵᠠᠪᠠᠯ ᠰᠤᠷᠬᠤ ᠠᠭᠤᠯᠭ᠎ᠠ ᠪᠤᠯᠭᠠᠬᠰᠡᠨ ᠶᠠᠪᠤᠳᠠᠯ ᠪᠤᠯ ᠳᠦᠢᠯ ᠤᠨ ᠬᠦᠨᠳᠣ ᠴᠢᠬᠤᠯᠠ ᠪᠤᠳᠠᠳᠤ ᠠᠴᠢ ᠬᠤᠯᠪᠤᠬᠳᠠᠯ ᠲᠠᠢ ᠪᠦᠬᠡᠳ ᠠᠯᠤᠰ ᠭᠡᠳᠤ ᠶᠢᠨ ᠠᠴᠢ ᠬᠤᠯᠪᠤᠬᠳᠠᠯ ᠲᠠᠢ ᠶᠣᠮ᠃ ᠤᠴᠢᠷ ᠨᠢ ᠭᠡᠤᠭᠡᠳ ᠪᠠᠭᠠᠴᠤᠳ ᠪᠤᠯ ᠶᠠᠭ ᠰᠠᠶᠢᠬᠠᠨ ᠦᠰᠦᠨ ᠪᠦᠢᠵᠢᠵᠤ ᠪᠠᠶᠢᠭ᠎ᠠ ᠦᠶ᠎ᠡ ᠳᠡᠭᠡᠨ ᠪᠠᠶᠢᠭ᠎ᠠ ᠪᠤᠯᠬᠤᠷ ᠳᠡᠳᠡᠨ ᠳᠤ ᠬᠠᠷᠠᠬᠠᠨ ᠪᠠᠭ᠎ᠠ ᠠᠴᠠ ᠨᠢ ᠤᠯᠤᠰ ᠤᠨ ᠰᠦᠯᠳᠡ ᠳᠠᠭᠤᠤ ᠶᠢ ᠪᠠᠷᠢᠮᠵᠢᠶ᠎ᠠ ᠶᠤᠰᠤᠭᠠᠷ ᠳᠠᠭᠤᠯᠠᠬᠤ ᠠᠷᠭ᠎ᠠ ᠶᠢ ᠰᠤᠷᠭᠠᠬᠤ ᠪᠠᠷ ᠳᠠᠮᠵᠢᠨ ᠣᠯᠣᠰ ᠢᠶᠠᠨ ᠬᠠᠶᠢᠷᠠᠯᠠᠬᠤ ᠦᠵᠡᠯ ᠤᠨ ᠬᠦᠮᠤᠵᠢᠯ ᠭᠢᠬᠦ ᠴᠢᠬᠤᠯᠠ ᠠᠷᠭ᠎ᠠ ᠪᠠᠷᠢᠯ ᠪᠤᠯᠭᠠᠵᠤ ᠪᠤᠯᠤᠨ᠎ᠠ᠃ ᠤᠯᠤᠰ ᠤᠨ ᠰᠦᠯᠳᠡ ᠳᠠᠭᠤᠤ ᠶᠢᠨ ᠵᠤᠭᠢᠶᠠᠬᠳᠠᠬᠰᠡᠨ ᠠᠬᠤᠢ ᠪᠠᠶᠢᠳᠠᠯ ᠢ ᠭᠡᠤᠭᠡᠳ ᠪᠠᠭᠠᠴᠤᠳ ᠲᠤ ᠦᠢᠯᠠᠭᠠᠭᠤᠯᠬᠤ ᠪᠠᠷ ᠳᠠᠮᠵᠢᠨ᠂ ᠤᠯᠤᠰ ᠦᠨᠳᠦᠰᠦᠳᠡᠨ ᠤ ᠪᠠᠨ ᠦᠩᠭᠡᠷᠡᠭᠰᠡᠨ ᠤ ᠳᠡᠷᠡᠬᠦ ᠭᠠᠰᠢᠭᠤᠨ ᠵᠦᠳᠡᠬᠦᠷᠢᠳᠤ ᠳᠡᠤᠭᠡ ᠪᠡ ᠬᠠᠷᠢ ᠶᠢᠨ ᠳᠦᠷᠢᠮᠡᠭᠡᠶᠢᠯᠡᠭᠴᠢᠳ ᠲᠤ ᠳᠤᠷᠤᠮᠵᠢᠯᠠᠬᠳᠡᠨ ᠳᠠᠷᠤᠯᠠᠬᠳᠠᠵᠤ ᠪᠠᠶᠢᠬᠰᠡᠨ ᠭᠤᠳᠤᠮᠰᠢᠬᠳᠤ ᠳᠡᠤᠭᠡ ᠶᠢ ᠪᠠᠳᠤ ᠴᠡᠭᠡᠵᠢᠯᠡᠬᠦᠯᠤᠨ᠂ ᠬᠤᠵᠢᠮ ᠦᠭᠡᠯᠠᠢ ᠪᠤᠯᠤᠬᠰᠡᠨ ᠤ ᠳᠠᠷᠠᠭ᠎ᠠ ᠡᠭᠡ ᠤᠯᠤᠰ ᠢᠶᠠᠨ ᠪᠦᠳᠦᠭᠡᠨ ᠪᠠᠶᠢᠭᠤᠯᠬᠤ ᠢᠳᠡᠭᠡᠯ ᠵᠤᠷᠢᠭ ᠢ ᠨᠢ ᠤᠯᠠᠮ ᠬᠦᠪᠴᠢᠯᠡᠬᠦ ᠳᠤ ᠳᠦᠢᠯ ᠤᠨ ᠴᠢᠬᠤᠯᠠ ᠦᠢᠯᠡᠳᠦᠯ ᠦᠵᠡᠬᠦᠯᠬᠦ ᠨᠢ ᠳᠠᠮᠵᠢᠭ ᠦᠭᠡᠢ ᠶᠤᠮ᠃
 
ᠢᠷᠡᠯᠲᠡ᠄ ᠥᠪᠥᠷ ᠮᠣᠩᠭᠤᠯ ᠤᠨ ᠡᠳᠦᠷ  ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13000402号-2