12 ᠰᠠᠷ᠎ᠠ ᠶᠢᠨ ᠨᠢᠭᠡᠳᠦᠭᠡᠷ ᠭᠠᠷᠠᠭ ᠪᠣᠯ ︽ᠠᠶᠤᠯᠭᠦᠶ ᠤᠶᠢᠯᠡᠳᠪᠦᠷᠢᠯᠡᠯ ᠤᠨ ᠬᠠᠤᠯᠢ︾ ᠶᠢᠨ | ᠤᠬᠠᠭᠤᠯᠭ᠎ᠠ ᠶᠢᠨ ᠭᠠᠷᠠᠭ ᠪᠣᠯᠤᠨ᠎ᠠ᠂ ᠵᠦᠸᠧᠽᠢ ᠰᠢᠶᠠᠨ ᠤ ᠠᠶᠤᠯᠭᠦᠶ ᠦᠢᠯᠡᠳᠪᠦᠷᠢᠯᠡᠯ ᠤᠨ ᠤᠬᠠᠭᠤᠯᠭ᠎ᠠ ᠶᠢᠨ ︽ | ᠲᠠᠪᠤ ᠶᠢ ᠣᠷᠣᠭᠤᠯᠬᠤ︾ ᠠᠵᠢᠯᠯᠠᠭ᠎ᠠ ᠶᠢᠨ ᠲᠥᠰᠦᠯ ᠲᠠᠢ ᠤᠶᠠᠯᠳᠤᠭᠤᠯᠤᠨ᠂ 2020 ᠤᠨ 12 ᠰᠠᠷ᠎ᠠ ᠶᠢᠨ 4 ᠤ | ᠡᠳᠦᠷ ᠤᠨ ᠦᠳᠡ ᠡᠮᠦᠨ᠎ᠡ᠂ ᠰᠢᠶᠠᠨ ᠤ ᠠᠮᠤᠷ ᠲᠦᠪᠰᠢᠨ ᠤ ᠵᠥᠪᠯᠡᠯ ᠠᠯᠪᠠᠨ ᠭᠡᠷ ᠲᠦᠷᠦᠭᠦᠯᠡᠨ ᠬᠢᠵᠦ᠂ | ᠰᠢᠶᠠᠨ ᠤ ᠰᠤᠷᠭᠠᠨ ᠬᠥᠮᠦᠵᠢᠯ ᠪᠡᠶ᠎ᠡ ᠲᠠᠮᠢᠷ ᠤᠨ ᠲᠣᠪᠴᠢᠶ᠎ᠠ ᠵᠣᠬᠢᠶᠠᠨ ᠪᠠᠶᠢᠭᠤᠯᠤᠨ ᠬᠡᠷᠡᠭᠵᠢᠭᠦᠯᠵᠦ᠂ ᠰᠢᠶᠠᠨ ᠤ | ᠪᠠᠴᠢᠮ ᠪᠠᠶᠢᠳᠠᠯ ᠢ ᠠᠷᠭᠠᠴᠠᠬᠤ ᠬᠠᠮᠢᠶᠠᠷᠤᠯᠲᠠ ᠶᠢᠨ ᠲᠣᠪᠴᠢᠶ᠎ᠠ᠂ ᠰᠢᠶᠠᠨ ᠤ ᠵᠠᠮ ᠬᠠᠷᠢᠯᠴᠠᠭᠠᠨ ᠤ ᠴᠠᠭᠳᠠᠭᠠᠨ ᠤ | ᠶᠡᠭᠡ ᠠᠩᠭᠢ᠂ ᠰᠢᠶᠠᠨ ᠤ ᠭᠠᠯ ᠤᠨᠲᠠᠷᠠᠭᠠᠬᠤ ᠶᠡᠭᠡ ᠠᠩᠭᠢ ᠬᠠᠮᠲᠤᠷᠠᠨ ᠢ ᠹᠦ᠋ ᠰᠤᠷᠭᠠᠭᠤᠯᠢ ᠪᠣᠯᠤᠨ ᠪᠧᠶ ᠵᠢᠶᠧ | ᠪᠠᠭ᠎ᠠ ᠰᠤᠷᠭᠠᠭᠤᠯᠢ ᠳᠤ ᠣᠷᠣᠵᠤ᠂ ᠠᠮᠤᠷ ᠲᠦᠪᠰᠢᠨ ᠤ ᠤᠬᠠᠭᠤᠯᠭ᠎ᠠ ᠬᠥᠮᠦᠵᠢᠯ ᠢ ᠰᠤᠷᠭᠠᠭᠤᠯᠢ ᠶᠢᠨ | ᠬᠦᠷᠢᠶᠡᠨ ᠳᠤ ᠣᠷᠣᠭᠤᠯᠬᠤ ᠠᠵᠢᠯᠯᠠᠭ᠎ᠠ ᠥᠷᠨᠢᠭᠦᠯᠪᠡ᠃ | ᠲᠤᠰ ᠤᠳᠠᠭᠠᠨ ᠤ ᠤᠬᠠᠭᠤᠯᠭ᠎ᠠ ᠶᠢᠨ ᠠᠵᠢᠯᠯᠠᠭ᠎ᠠ ᠨᠢ ᠬᠢᠴᠢᠶᠡᠯ ᠵᠢᠭᠠᠬᠤ᠂ ᠬᠢᠴᠢᠶᠡᠯ ᠤᠨ ᠵᠠᠪᠰᠠᠷ ᠲᠤ | ᠬᠠᠷᠢᠯᠴᠠᠨ ᠬᠥᠳᠡᠯᠦᠯᠴᠡᠬᠦ ᠪᠠ ᠤᠬᠠᠭᠤᠯᠭ᠎ᠠ ᠶᠢᠨ ᠮᠠᠲ᠋ᠧᠷᠢᠶᠠᠯ ᠲᠠᠷᠬᠠᠭᠠᠬᠤ ᠶᠢ ᠬᠠᠷᠢᠯᠴᠠᠨ ᠤᠶᠠᠯᠳᠤᠭᠤᠯᠬᠤ ᠠᠷᠭ᠎ᠠ | ᠮᠠᠶ᠋ᠢᠭ ᠢᠶᠠᠷ ᠶᠠᠪᠤᠭᠳᠠᠵᠤ᠂ ᠰᠢᠶᠠᠨ ᠤ ᠭᠠᠯ ᠤᠨᠲᠠᠷᠠᠭᠠᠬᠤ ᠶᠡᠭᠡ ᠠᠩᠭᠢ ᠶᠢᠨ ᠺᠠᠳ᠋ᠷᠴᠤᠳ ᠭᠠᠯ ᠤᠨ ᠠᠶᠤᠯ ᠢ | ᠬᠡᠷᠬᠢᠨ ᠰᠡᠷᠭᠡᠶᠢᠯᠡᠨ ᠡᠵᠡᠮᠳᠡᠬᠦ᠂ ᠭᠠᠯ ᠤᠨ ᠠᠶᠤᠯ ᠬᠡᠷᠬᠢᠨ ᠪᠦᠷᠢᠯᠳᠦᠭᠰᠡᠨ᠂ ᠭᠠᠯ ᠤᠨᠲᠠᠷᠠᠭᠠᠭᠤᠷ ᠢ ᠬᠡᠷᠬᠢᠨ | ᠬᠡᠷᠡᠭᠯᠡᠬᠦ᠂ ᠭᠠᠯ ᠤᠨ ᠠᠶᠤᠯ ᠭᠠᠷᠪᠠᠯ ᠬᠡᠷᠬᠢᠨ ᠥᠪᠡᠷ ᠢ ᠪᠠᠨ ᠠᠪᠤᠷᠠᠬᠤ ᠵᠡᠷᠭᠡ ᠲᠠᠯ᠎ᠠ ᠪᠠᠷ ᠨᠠᠷᠢᠨ ᠲᠠᠶᠢᠯᠪᠤᠷᠢᠯᠠᠯᠲᠠ | ᠬᠢᠵᠡᠶ᠃ | | ᠵᠢᠯ ᠪᠦᠷᠢ ᠶᠢᠨ 12 ᠰᠠᠷ᠎ᠠ ᠶᠢᠨ 2 ᠤᠨ ᠡᠳᠦᠷ ᠪᠣᠯ ᠪᠦᠬᠦ ᠤᠯᠤᠰ ᠶᠢᠨ ᠵᠠᠮ ᠬᠠᠷᠢᠯᠴᠠᠭᠠᠨ ᠤ | ᠤᠬᠠᠭᠤᠯᠭ᠎ᠠ ᠶᠢᠨ ᠡᠳᠦᠷ ᠪᠣᠯᠤᠨ᠎ᠠ᠂ ᠡᠨᠡ ᠵᠢᠯ ᠤᠨ ᠭᠤᠤᠯ ᠰᠡᠳᠦᠪ ᠪᠣᠯ ︽ᠠᠶᠤᠯ ᠲᠦᠭᠰᠢᠭᠦᠷᠢ ᠶᠢ ᠮᠡᠳᠡᠵᠦ᠂ | ᠠᠶᠤᠯ ᠲᠦᠭᠰᠢᠭᠦᠷᠢ ᠠᠴᠠ ᠵᠠᠶᠢᠯᠠᠵᠤ᠂ ᠠᠮᠤᠷ ᠲᠦᠪᠰᠢᠨ ᠪᠣᠯᠪᠠᠰᠤᠨ ᠢᠶᠠᠷ ᠶᠠᠪᠤᠵᠤ ᠰᠠᠭᠤᠬᠤ︾ ᠪᠣᠯᠤᠨ᠎ᠠ᠂ | ᠰᠢᠶᠠᠨ ᠤ ᠵᠠᠮ ᠬᠠᠷᠢᠯᠴᠠᠭᠠᠨ ᠤ ᠴᠠᠭᠳᠠᠭ᠎ᠠ ᠶᠢᠨ ᠶᠡᠭᠡ ᠠᠩᠭᠢ ᠶᠢᠨ ᠠᠷᠠᠳ ᠤᠨ ᠴᠠᠭᠳᠠᠭ᠎ᠠ ᠡᠨᠡ ᠬᠦ ᠭᠤᠤᠯ | ᠰᠡᠳᠦᠪ ᠤᠨ ᠲᠣᠭᠤᠷᠢᠨ ᠳᠤ ᠨᠠᠷᠢᠨ ᠲᠠᠶᠢᠯᠪᠤᠷᠢᠯᠠᠯᠲᠠ ᠬᠢᠵᠡᠶ᠃ | | ᠲᠤᠰᠬᠠᠶ ᠰᠡᠳᠦᠪᠲᠦ ᠲᠠᠶᠢᠯᠤᠮᠵᠢ ᠬᠢᠬᠦ ᠠᠴᠠ ᠭᠠᠳᠠᠨ᠎ᠠ᠂ ᠤᠬᠠᠭᠤᠯᠬᠤ ᠠᠵᠢᠯᠯᠠᠭ᠎ᠠ ᠳᠤ ᠣᠷᠣᠯᠴᠠᠭᠰᠠᠨ ᠺᠠᠳ᠋ᠷ | ᠪᠠᠭᠰᠢ ᠰᠤᠷᠤᠭᠴᠢᠳ ᠲᠠᠢ ᠬᠠᠷᠢᠯᠴᠠᠨ ᠬᠥᠳᠡᠯᠦᠯᠴᠡᠵᠦ᠂ ᠤᠬᠠᠭᠤᠯᠬᠤ ᠮᠠᠲ᠋ᠧᠷᠢᠶᠠᠯ ᠲᠠᠷᠬᠠᠭᠠᠭᠰᠠᠨ ᠪᠠᠴᠢᠮ | ᠪᠠᠶᠢᠳᠠᠯ ᠢ ᠠᠷᠭᠠᠴᠠᠬᠤ ᠬᠠᠮᠢᠶᠠᠷᠤᠯᠲᠠ ᠶᠢᠨ ᠲᠣᠪᠴᠢᠶ᠎ᠠ ᠪᠠᠰᠠ ᠭᠠᠵᠠᠷ ᠬᠥᠳᠡᠯᠦᠯᠲᠡ ᠶᠢᠨ ᠭᠠᠮᠰᠢᠭ ᠤᠨ ᠠᠳᠡᠯ | ᠭᠠᠷᠤᠭᠰᠠᠨ ᠦᠶ᠎ᠡ ᠳᠤ ᠬᠡᠷᠬᠢᠨ ᠠᠶᠤᠯ ᠠᠴᠠ ᠵᠠᠶᠢᠯᠠᠬᠤ᠂ ᠬᠡᠷᠬᠢᠨ ᠠᠮᠢ ᠵᠢᠭᠤᠲᠠᠬᠤ ᠵᠡᠷᠭᠡ ᠶᠡᠷᠦ ᠶᠢᠨ ᠮᠡᠳᠡᠯᠭᠡ ᠶᠢᠨ | ᠲᠤᠬᠠᠶ ᠪᠠᠭᠰᠢ ᠰᠤᠷᠤᠭᠴᠢᠳ ᠲᠤ ᠲᠠᠶᠢᠯᠤᠮᠵᠢ ᠪᠠ ᠤᠬᠠᠭᠤᠯᠭ᠎ᠠ ᠬᠢᠵᠡᠶ᠃ | | ᠲᠤᠰ ᠤᠳᠠᠭᠠᠨ ᠤ ᠠᠮᠤᠷ ᠲᠦᠪᠰᠢᠨ ᠤ ᠮᠡᠳᠡᠯᠭᠡ ᠶᠢᠨ ᠤᠬᠠᠭᠤᠯᠭ᠎ᠠ ᠬᠥᠮᠦᠵᠢᠯ ᠤᠨ ᠠᠵᠢᠯᠯᠠᠭ᠎ᠠ ᠶᠢᠨ | ᠠᠭᠤᠯᠭ᠎ᠠ ᠪᠠᠶᠠᠯᠢᠭ ᠬᠡᠯᠪᠡᠷᠢ ᠣᠯᠠᠨ ᠶᠠᠩᠵᠤ᠃ ᠤᠬᠠᠭᠤᠯᠭ᠎ᠠ ᠬᠢᠵᠦ ᠰᠤᠷᠭᠠᠨ ᠬᠥᠮᠦᠵᠢᠯ ᠬᠦᠷᠭᠡᠬᠦ ᠠᠵᠢᠯᠯᠠᠭ᠎ᠠ ᠪᠠᠷ | ᠳᠠᠮᠵᠢᠨ ᠪᠠᠭᠰᠢ ᠰᠤᠷᠤᠭᠴᠢ ᠶᠢᠨ ᠬᠠᠷᠠᠭ᠎ᠠ ᠶᠢ ᠥᠷᠭᠡᠳᠬᠡᠵᠦ᠂ ᠪᠠᠭᠰᠢ ᠰᠤᠷᠤᠭᠴᠢᠳ ᠤᠨ ᠠᠮᠤᠷ ᠲᠦᠪᠰᠢᠨ ᠤ | ᠰᠡᠷᠭᠡᠶᠢᠯᠡᠯᠲᠡ ᠶᠢᠨ ᠤᠬᠠᠮᠰᠠᠷ ᠪᠠ ᠥᠪᠡᠷ ᠢ ᠪᠠᠨ ᠬᠠᠮᠠᠭᠠᠯᠠᠬᠤ ᠤᠬᠠᠮᠰᠠᠷ ᠢ ᠲᠦᠢᠯ ᠤᠨ ᠶᠡᠭᠡ ᠪᠠᠷ ᠴᠢᠩᠭᠠᠳᠬᠠᠵᠤ | ᠂ ᠤᠬᠠᠭᠤᠯᠤᠨ ᠬᠥᠮᠦᠵᠢᠭᠦᠯᠬᠦ ᠠᠵᠢᠯᠯᠠᠭ᠎ᠠ ᠲᠡᠭᠦᠰ ᠠᠮᠵᠢᠯᠲᠠ ᠤᠯᠤᠭᠰᠠᠨ ᠪᠠᠶᠢᠨ᠎ᠠ᠃ ᠠᠵᠢᠯᠯᠠᠭ᠎ᠠ | ᠳᠠᠭᠤᠰᠤᠭᠰᠠᠨ ᠤ ᠳᠠᠷᠠᠭ᠎ᠠ᠂ ᠤᠬᠠᠭᠤᠯᠤᠨ ᠬᠥᠮᠦᠵᠢᠭᠦᠯᠬᠦ ᠠᠵᠢᠯ ᠤᠨ ᠳᠤᠭᠤᠶᠢᠯᠠᠩ ᠨᠢ ᠡᠯ᠎ᠡ ᠰᠤᠷᠭᠠᠭᠤᠯᠢ ᠶᠢ ᠡᠯ᠎ᠡ | ᠲᠥᠷᠥᠯ ᠤᠨ ᠠᠮᠤᠷ ᠲᠦᠪᠰᠢ᠊ ᠤ ᠮᠡᠳᠡᠯᠭᠡ ᠶᠢ ᠠᠩᠭᠢ ᠶᠢᠨ ᠬᠤᠷᠠᠯ᠂ ᠠᠮᠤᠷ ᠲᠦᠪᠰᠢᠨ ᠤ ᠬᠢᠴᠢᠶᠡᠯ᠂ ᠭᠡᠷ ᠤᠨ | ᠠᠬᠠᠮᠠᠳ ᠪᠣᠯᠤᠨ ᠰᠤᠷᠤᠭᠴᠢᠳ ᠲᠤ ᠥᠭᠬᠦ ᠨᠢᠭᠡ ᠬᠤᠪᠢ ᠵᠠᠬᠢᠳᠠᠯ ᠵᠡᠷᠭᠡ ᠬᠡᠯᠪᠡᠷᠢ ᠪᠠᠷ ᠢᠮᠠᠭᠲᠠ ᠵᠢᠭᠠᠨ | ᠰᠤᠷᠭᠠᠯᠲᠠ ᠶᠢᠨ ᠬᠥᠲᠥᠯᠪᠦᠷᠢ ᠳᠡᠭᠡᠨ ᠲᠤᠤᠱᠯᠠᠭᠤᠯᠬᠤ ᠶᠢᠨ ᠬᠠᠮᠲᠤ ᠪᠠᠶᠢᠩᠭᠤᠵᠢᠭᠤᠯᠬᠤ ᠬᠡᠷᠡᠭᠲᠡᠶ᠃ ᠵᠣᠷᠢᠯᠭ᠎ᠠ ᠨᠢ | ᠪᠠᠭᠰᠢ ᠰᠤᠷᠤᠭᠴᠢ ᠪᠣᠯᠤᠨ ᠭᠡᠷ ᠤᠨ ᠠᠬᠠᠮᠠᠳ ᠤᠨ ᠠᠮᠤᠷ ᠲᠦᠪᠰᠢᠨ ᠤ ᠤᠬᠠᠮᠰᠠᠷ ᠢ ᠪᠠᠲᠤ ᠪᠠᠬᠢ ᠪᠤᠯᠭᠠᠵᠤ᠂ | ᠰᠤᠷᠤᠭᠴᠢᠳ ᠢ ᠪᠠᠭ᠎ᠠ ᠠᠴᠠ ᠪᠠᠨ ᠠᠮᠤᠷ ᠲᠦᠪᠰᠢᠨ ᠢ ᠮᠡᠳᠡᠬᠦ᠂ ᠠᠮᠤᠷ ᠲᠦᠪᠰᠢᠨ ᠢ ᠣᠶᠢᠯᠠᠭᠠᠬᠤ᠂ ᠠᠮᠤᠷ | ᠲᠦᠪᠰᠢᠨ ᠢ ᠰᠠᠬᠢᠬᠤ ᠰᠠᠶᠢᠨ ᠰᠠᠶᠢᠬᠠᠨ ᠳᠠᠳᠭᠠᠯ ᠲᠠᠢ ᠪᠣᠯᠭᠠᠵᠤ᠂ ᠠᠮᠤᠷ ᠲᠦᠪᠰᠢᠨ ᠢ ᠣᠮᠲᠣᠭᠠᠶᠢᠯᠠᠭᠰᠠᠨ ᠠᠴᠠ | ᠪᠣᠯᠵᠤ ᠡᠭᠡᠭᠦᠯᠵᠦ ᠴᠢᠳᠠᠰᠢ ᠦᠭᠡᠶ ᠬᠦᠨᠳᠦ ᠰᠤᠷᠭᠠᠮᠵᠢ ᠠᠴᠠ ᠵᠠᠶᠢᠯᠠᠭᠤᠯᠤᠨ᠎ᠠ᠃ | | ᠨᠠᠶᠢᠷᠠᠭᠤᠯᠤᠭᠴᠢ ᠤᠷᠴᠢᠭᠤᠯᠤᠭᠴᠢ ᠪᠠᠶᠠᠨᠪᠠᠲᠦ |