ᠵᠦᠸᠧᠽᠢ ᠰᠢᠶᠠᠨ ᠤ ᠯᠢᠨ ᠬᠤ᠋ ᠡᠷᠲᠡᠨ ᠤ ᠴᠡᠶᠢᠵᠠ ᠵᠤᠭᠠᠴᠠᠯ ᠤᠨ ᠠᠵᠤ ᠤᠶᠢᠯᠡᠰ ᠤᠨ ᠪᠠᠶᠢᠭᠤᠯᠤᠯᠲᠠ ᠢᠳᠡ ᠬᠦᠴᠦᠲᠡᠶ ᠶᠠᠪᠤᠭᠳᠠᠵᠤ᠂ ᠰᠠᠴᠤᠷᠠᠭᠯᠠᠨ ᠳᠠᠶᠢᠴᠢᠯᠠᠬᠤ  ᠤᠶᠢᠯᠡᠳᠤᠯ ᠳᠤᠪᠤᠶᠢᠮ᠎ᠠ ᠪᠠᠶᠢᠨ᠎ᠠ
ᠨᠡᠶᠢᠲᠡᠯᠡᠭᠰᠡᠨ ᠴᠠᠭ᠄
2019-07-31
    ᠯᠢᠨ ᠬᠤ᠋ ᠡᠷᠲᠡᠨ ᠤ ᠴᠡᠶᠢᠵᠠ ᠦᠵᠡᠮᠵᠢ ᠶᠢᠨ ᠣᠷᠣᠨ ᠵᠦᠸᠧᠽᠢ ᠰᠢᠶᠡᠨ ᠤ ᠳ᠋ᠠ ᠢᠦᠶ ᠱᠣ᠋ ᠰᠢᠶᠠᠩ   ᠳᠤ ᠪᠠᠶᠢᠷᠢᠯᠠᠵᠤ᠂ 2015 ᠣᠨ ᠳᠤ  ᠢ ᠡᠬᠢᠯᠡᠨ ᠪᠦᠲᠦᠭᠡᠨ ᠪᠠᠶᠢᠭᠤᠯᠵᠤ᠂ ᠤᠯᠤᠰ ᠠᠴᠠ 4A ᠲᠡᠰ ᠤᠨ ᠵᠢᠭᠤᠯᠴᠢᠯᠠᠯ ᠤᠨ ᠦᠵᠡᠮᠵᠢ ᠶᠢᠨ ᠣᠷᠣᠨ ᠪᠣᠯᠤᠭᠰᠠᠨ ᠤ ᠬᠤᠪᠢ ᠳᠤ 21 ᠲᠡᠭᠰᠢ ᠳᠥᠷᠪᠡᠯᠵᠢᠨ ᠺᠢᠯᠣᠮᠧᠲᠷ ᠲᠠᠯᠠᠪᠠᠢ ᠲᠠᠢ᠂ ᠲᠤᠰ ᠲᠥᠷᠥᠯ  ᠵᠦᠢᠯ ᠢ ᠥᠪᠥᠷ ᠮᠣᠩᠭᠤᠯ ᠤᠨ ᠪᠠᠶ ᠬᠤᠸᠠ ᠯᠢᠨ ᠠᠮᠢ ᠠᠬᠤᠢ ᠶᠢᠨ ᠵᠢᠭᠤᠯᠴᠢᠯᠠᠯ ᠤᠨ ᠬᠢᠵᠠᠭᠠᠷᠲᠤ ᠺᠣᠮᠫᠠᠨᠢ ᠠᠴᠠ ᠬᠠᠷᠢᠭᠤᠴᠠᠨ ᠨᠡᠭᠡᠭᠡᠨ ᠬᠥᠭᠵᠢᠭᠦᠯᠵᠦ᠂ 25.8 ᠳ᠋ᠦᠩᠰᠢᠭᠤᠷ ᠲᠥᠭᠦᠷᠢᠭ ᠤᠨ ᠪᠠᠯᠠ ᠣᠷᠣᠭᠤᠯᠵᠤ᠂ ᠲᠠᠪᠤᠨ ᠬᠤᠭᠤᠴᠠᠭ᠎ᠠ ᠬᠤᠪᠢᠶᠠᠨ ᠪᠦᠲᠦᠭᠡᠨ ᠪᠠᠶᠢᠭᠤᠯᠬᠤ ᠪᠠᠷ ᠲᠦᠯᠦᠪᠯᠡᠭᠰᠡᠨ ᠪᠠᠶᠢᠨ᠎ᠠ᠃ ᠰᠡᠯᠡᠭᠦᠴᠡᠨ ᠵᠤᠭᠠᠴᠠᠵᠤ ᠲᠣᠭᠤᠷᠢᠨ ᠦᠵᠡᠬᠦ᠂ ᠬᠤᠷᠠᠯ ᠤᠨ ᠪᠣᠯᠪᠠᠰᠤᠷᠠᠯ᠂ ᠰᠣᠶᠣᠯ ᠵᠤᠭ᠎ᠠ ᠴᠡᠩᠭᠡᠯ᠂ ᠰᠡᠯᠡᠭᠦᠴᠡᠨ ᠠᠮᠠᠷᠠᠵᠤ ᠪᠡᠶ᠎ᠡ ᠰᠤᠪᠢᠯᠠᠬᠤ ᠶᠢ ᠨᠢᠭᠡ ᠴᠣᠭᠴᠠᠵᠢᠭᠤᠯᠤᠭᠰᠠᠨ ᠠᠭᠤᠯᠠ ᠤᠰᠤᠨ ᠤ ᠵᠤᠭᠠᠴᠠᠯ ᠤᠨ ᠭᠠᠵᠠᠷ ᠢ ᠲᠥᠯᠥᠪᠵᠢᠭᠦᠯᠦᠨ ᠲᠣᠬᠢᠷᠠᠭᠤᠯᠵᠤ᠂ ᠣᠷᠣᠨ ᠵᠠᠶ ᠶᠢᠨ ᠪᠠᠢᠷᠢᠰᠢᠭᠤᠯᠤᠯ ᠨᠢ ︽ᠨᠢᠭᠡ ᠰᠡᠳᠬᠢᠯ ᠨᠢᠭᠡ ᠬᠤᠩᠭᠢᠯ ᠲᠠᠪᠤᠨ ᠲᠣᠭᠤᠷᠢᠭ︾ ᠪᠠᠶᠢᠵᠤ᠂ 50 ᠲᠥᠷᠥᠯ ᠵᠦᠢᠯ ᠢᠶᠠᠷ ᠲᠦᠯᠦᠪᠯᠡᠪᠡ᠃    ᠬᠤᠶᠠᠷ ᠲᠦᠮᠡᠨ ᠲᠡᠭᠰᠢ ᠳᠥᠷᠪᠡᠯᠵᠢᠨ ᠮᠧᠲᠷ ᠲᠠᠯᠠᠪᠠᠢ ᠲᠠᠢ  ᠯᠢᠨ ᠬᠤ᠋ ᠶᠢᠨ ᠰᠢᠭᠤᠷᠭ᠎ᠠ ᠭᠡᠮᠡᠬᠦ ᠤᠰᠤᠨ ᠶᠢᠷᠲᠢᠨᠴᠦ ᠪᠣᠯ ᠪᠣᠯᠣᠳ ᠭᠤᠯᠳᠤᠩ ᠬᠡᠯᠪᠡᠷᠢᠲᠡᠶ᠂ ᠬᠥᠩᠬᠦᠷ ᠳᠡᠭᠡᠪᠦᠷ ᠲᠠᠢ ᠪᠠᠷᠢᠯᠭ᠎ᠠ ᠪᠠᠶᠢᠵᠤ᠂ ᠣᠷᠣᠨ ᠵᠠᠶ ᠨᠢ ᠶᠡᠭᠡ᠂ ᠰᠦᠷ ᠵᠢᠪᠬᠤᠭ᠎ᠠ ᠲᠠᠢ᠂ ᠡᠯ᠎ᠡ ᠵᠦᠢᠯ ᠤᠨ ᠤᠰᠤᠨ ᠳᠡᠭᠡᠷᠡᠬᠢ ᠵᠤᠭ᠎ᠠ ᠴᠡᠩᠭᠡᠯ  ᠤᠨ ᠲᠥᠬᠦᠭᠡᠷᠦᠮᠵᠢ ᠨᠢ ᠪᠦᠷᠢᠨ ᠭᠦᠢᠴᠡᠳ᠂ ᠲᠥᠷᠥᠯ ᠵᠦᠢᠯ ᠨᠢ ᠶᠡᠭᠡ᠂ ︽ᠬᠤᠢ ᠰᠠᠯᠬᠢ ᠰᠢᠷᠦᠭᠦᠨ ᠰᠢᠭᠤᠷᠭ᠎ᠠ︾᠂ ︽ᠤᠰᠤᠨ ᠳᠡᠭᠡᠷᠡᠬᠢ ᠠᠭᠠᠷ ᠲᠤ ᠨᠢᠰᠬᠦ ᠯᠣᠤ︾᠂ ︽ᠬᠤᠷᠳᠤᠴᠠ ᠮᠥᠷᠦ᠋ᠢᠴᠡᠬᠦ ᠭᠤᠯᠭᠤᠭᠤᠷ ᠵᠠᠮ︾᠂ ︽ᠶᠡᠭᠡ ᠲᠣᠭᠤᠷᠢᠭᠤ ᠭᠤᠯᠭᠤᠭᠤᠷ ᠵᠠᠮ︾᠂ ︽ᠬᠥᠪᠦᠮᠡᠯ ᠭᠤᠤᠯ︾ ᠵᠡᠷᠭᠡ ᠤᠰᠤᠨ ᠳᠡᠭᠡᠷᠡᠬᠢ ᠵᠤᠭ᠎ᠠ ᠴᠡᠩᠭᠡᠯ ᠤᠨ ᠲᠦᠷᠦᠯ ᠪᠠᠶᠢᠨ᠎ᠠ᠃ ᠵᠤᠭᠠᠴᠠᠭᠰᠠᠳ ᠦᠳᠲᠡᠷ ᠲᠦᠷᠭᠡᠨ ᠭᠤᠯᠭᠤᠬᠤ᠂ ᠰᠠᠯᠬᠢ ᠴᠠᠬᠢᠯᠭᠠᠨ ᠴᠠᠬᠢᠯᠠᠬᠤ᠂ ᠣᠷᠭᠢᠯᠤᠮ᠎ᠠ ᠬᠠᠯᠠᠭᠤᠨ ᠰᠡᠳᠬᠢᠯᠭᠡ ᠪᠢᠯᠬᠠᠭᠰᠠᠨ ᠰᠡᠷᠡᠭᠳᠡᠯ ᠢ ᠪᠡᠶᠡᠴᠢᠯᠡᠨ ᠣᠶᠢᠯᠠᠭᠠᠵᠤ ᠪᠣᠯᠤᠨ᠎ᠠ᠃    ᠰᠢᠯᠦᠨ ᠡᠷᠭᠦᠭᠦᠷ ᠬᠦᠭᠦᠷᠭᠡᠨ ᠵᠠᠮ ᠢ ᠪᠠᠷᠠᠯᠠᠨ᠂ ᠰᠡᠳᠬᠢᠯ ᠵᠢᠷᠦᠬᠡ ᠶᠢ ᠳᠣᠩᠰᠣᠯᠭᠠᠮ᠎ᠠ᠂ ᠰᠢᠯᠦᠨ ᠬᠥᠭᠦᠷᠭᠡ ᠶᠢᠨ ᠲᠥᠪ ᠤᠨ ᠥᠨᠳᠥᠷ ᠤᠨ ᠬᠡᠮᠵᠢᠶ᠎ᠡ ᠨᠢ 80 ᠮᠧᠲᠷ ᠰᠢᠬᠠᠮ᠂ ᠠᠯᠭᠠᠰᠠᠯ 218 ᠮᠧᠲᠷ᠂ ᠣᠭᠲᠠᠷᠭᠤᠶ ᠳᠤ ᠨᠢᠰᠬᠦ ᠵᠢᠶᠠᠰᠠ᠂ ᠠᠯᠤᠰ ᠤᠨ ᠠᠭᠤᠯᠠ ᠬᠠᠪᠴᠢᠯ ᠲᠠᠢ ᠰᠦᠷᠯᠢᠭ ᠰᠠᠶᠢᠬᠠᠨ ᠪᠠᠶᠢᠳᠠᠭ᠃ ᠵᠤᠭᠠᠴᠠᠭᠰᠠᠳ ᠰᠢᠯᠦᠨ ᠬᠥᠭᠦᠷᠭᠡᠨ ᠳᠡᠭᠡᠷ᠎ᠡ ᠶᠠᠪᠤᠵᠤ᠂ ᠵᠢᠷᠦᠬᠡ ᠲᠦᠭᠰᠢᠵᠦ᠂ ᠰᠣᠴᠢᠨ ᠭᠡᠯᠮᠡᠭᠳᠡᠵᠦ᠂ ᠪᠠᠶᠠᠷ ᠪᠠᠶᠠᠰᠬᠤᠯᠠᠩᠲᠤ ᠢᠨᠢᠶᠡᠳᠦ ᠶᠢᠨ ᠳᠠᠭᠤᠨ ᠨᠢ ᠰᠢᠯᠦᠨ ᠬᠥᠭᠦᠷᠭᠡᠨ ᠴᠡᠯᠡᠭᠡᠷ ᠴᠠᠭᠠᠨ ᠬᠤᠰᠤᠨ ᠣᠢ ᠳᠤ ᠴᠤᠤᠷᠢᠶᠠᠲᠤᠨ᠎ᠠ᠃   ᠮᠥᠰᠥ ᠴᠠᠰᠤᠨ ᠤ ᠲᠠᠯᠠᠪᠠᠢ ᠳᠤ᠂ ᠴᠡᠯᠡᠭᠡᠷ ᠠᠭᠤᠳᠠᠮ ᠴᠠᠰᠤᠨ ᠵᠠᠮ ᠳᠡᠭᠡᠷ᠎ᠡ ᠴᠠᠨ᠎ᠠ ᠪᠠᠷ ᠭᠤᠯᠭᠤᠬᠤ ᠳᠤᠷᠠᠲᠠᠶ ᠬᠥᠮᠦᠰ ᠴᠠᠨ᠎ᠠ ᠪᠠᠨ ᠳᠡᠯᠭᠡᠨ ᠠᠪᠢᠶᠠᠰ ᠡᠷᠳᠡᠮ ᠢᠶᠠᠨ ᠭᠠᠶᠢᠬᠠᠭᠤᠯᠵᠤ ᠴᠢᠳᠠᠨ᠎ᠠ᠃ ᠴᠠᠰᠤᠨ ᠳᠤ ᠭᠤᠯᠭᠤᠬᠤ ᠲᠥᠬᠦᠭᠡᠷᠦᠮᠵᠢ ᠦᠨᠳᠦᠰᠦᠨ ᠳᠡᠭᠡᠨ ᠪᠦᠷᠢᠨ ᠲᠡᠭᠦᠯᠳᠡᠷ ᠪᠣᠯᠵᠤ᠂ ᠰᠢᠳᠢᠲᠦ ᠬᠡᠪᠢᠰ᠂ ᠴᠠᠰᠤᠨ ᠬᠠᠪᠲᠠᠰᠤ᠂ ᠴᠠᠰᠤᠨ ᠬᠤᠪᠴᠠᠰᠤ᠂ ᠴᠠᠰᠤᠨ ᠱᠠᠬᠠᠶ ᠵᠡᠷᠭᠡ ᠴᠠᠨ᠎ᠠ ᠪᠠᠷ ᠭᠤᠯᠭᠤᠬᠤ ᠲᠥᠬᠦᠭᠡᠷᠦᠮᠵᠢ ᠶᠢ ᠲᠥᠬᠦᠷᠵᠢᠭᠦᠯᠦᠭᠰᠡᠨ ᠪᠠᠶᠢᠨ᠎ᠠ᠃ ᠵᠤᠭᠠᠴᠠᠭᠰᠠᠳ ᠰᠡᠯᠡᠭᠦᠴᠡᠯ ᠤᠨ ᠴᠢᠯᠥᠭᠡᠨ ᠳᠡᠭᠡᠨ ᠪᠠᠰᠠ  ᠪᠠᠯᠠᠷ ᠣᠢ ᠶᠢ ᠰᠣᠨᠢᠷᠬᠠᠵᠤ᠂ ᠥᠪᠡᠷᠮᠢᠴᠡ ᠣᠨᠴᠠᠯᠢᠭ ᠲᠠᠢ ᠣᠢ ᠰᠢᠭᠤᠶ ᠶᠢᠨ ᠯᠢᠨ ᠬᠤ᠋ ᠡᠷᠲᠡᠨ ᠤ ᠴᠡᠶᠢᠵᠠ ᠶᠢ ᠣᠶᠢᠯᠠᠭᠠᠵᠤ ᠪᠣᠯᠤᠨ᠎ᠠ᠂ ᠯᠢᠨ ᠬᠤ᠋ ᠡᠷᠲᠡᠨ ᠤ ᠴᠡᠶᠢᠵᠠ ᠮᠠᠨ ᠤ ᠰᠢᠶᠠᠨ ᠤ ᠪᠦᠬᠦ ᠣᠷᠣᠨ ᠪᠦᠰᠡ ᠶᠢᠨ ᠵᠤᠭᠠᠴᠠᠯ ᠤᠨ ᠲᠥᠯᠥᠪᠵᠢᠭᠦᠯᠭᠡ ᠶᠢᠨ ᠴᠢᠬᠤᠯᠠ ᠦᠵᠡᠮᠵᠢ ᠶᠢᠨ ᠭᠠᠵᠠᠷ ᠪᠣᠯᠤᠭᠰᠠᠨ ᠤ ᠬᠤᠪᠢ ᠳᠤ᠂ ᠲᠡᠭᠦᠨ ᠤ ᠵᠤᠭᠠᠴᠠᠯ ᠤᠨ ᠠᠵᠢᠯ ᠲᠥᠷᠥᠯ ᠤᠨ ᠳᠠᠪᠠᠭᠤᠯᠢᠭ ᠪᠣᠯᠤᠨ ᠥᠪᠡᠷᠮᠢᠴᠡ ᠷᠢᠳᠢ ᠰᠢᠳᠢ ᠶᠢ ᠢᠯᠡᠷᠡᠭᠦᠯᠵᠦ᠂ ᠡᠷᠭᠢᠨ ᠲᠣᠭᠤᠷᠢᠨ ᠤ ᠭᠠᠵᠠᠷ ᠣᠷᠣᠨ ᠤ ᠠᠵᠤ ᠠᠬᠤᠢ ᠶᠢᠨ ᠬᠥᠭᠵᠢᠯᠲᠡ ᠶᠢ ᠳᠠᠶᠢᠴᠢᠯᠠᠬᠤ ᠳᠤ ᠤᠯᠠᠮ ᠠᠴᠠ ᠤᠯᠠᠮ ᠴᠢᠬᠤᠯᠠ ᠦᠶ᠋ᠯᠡᠳᠦᠯ ᠦᠵᠡᠭᠦᠯᠵᠦ᠂  ᠤᠶᠢᠷ᠎ᠠ ᠬᠠᠪᠢ ᠶᠢᠨ ᠲᠣᠰᠬᠤᠨ ᠤ ᠠᠷᠠᠳ ᠤᠨ ᠣᠷᠣᠯᠭ᠎ᠠ ᠶᠢ ᠪᠦᠲᠦᠮᠵᠢᠲᠡᠶ ᠪᠠᠷ ᠨᠡᠮᠡᠭᠳᠡᠭᠦᠯᠵᠡᠶ᠃ ᠲᠣᠰᠬᠤᠨ ᠤ ᠠᠷᠠᠳ ᠤᠨ ᠠᠮᠢᠳᠤᠷᠠᠯ ᠤᠨ ᠨᠥᠬᠦᠴᠡᠯ ᠢ ᠰᠠᠶᠢᠵᠢᠷᠠᠭᠤᠯᠤᠭᠰᠠᠨ ᠢᠶᠠᠷ ᠪᠠᠷᠠᠬᠤ ᠦᠭᠡᠢ ᠪᠠᠰᠠ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠠᠵᠢᠯ ᠳᠤ ᠰᠢᠨ᠎ᠡ ᠠᠮᠢᠵᠢᠷᠠᠯ ᠤᠨ ᠬᠦᠴᠦᠨ ᠨᠡᠮᠡᠷᠢᠯᠡᠭᠰᠡᠨ ᠪᠠᠶᠢᠨ᠎ᠠ᠃    ᠣᠶᠢᠯᠠᠭᠠᠭᠰᠠᠨ ᠢᠶᠠᠷ᠂  ᠯᠢᠨ ᠬᠤ᠋ ᠡᠷᠲᠡᠨ ᠤ ᠴᠡᠶᠢᠵᠠ ᠵᠢᠭᠤᠯᠴᠢᠯᠠᠯ ᠤᠨ ᠴᠡᠭ ᠢ ᠪᠠᠶᠢᠭᠤᠯᠤᠭᠰᠠᠨ ᠠᠴᠠ ᠨᠠᠰᠢᠬᠢ ᠳᠥᠷᠪᠡᠨ ᠵᠢᠯ ᠣᠷᠴᠢᠮ ᠤᠨ ᠬᠤᠭᠤᠴᠠᠭᠠᠨ ᠳᠤ᠂ ᠯᠦ ᠼᠤᠤ ᠭᠸᠦ ᠲᠣᠰᠬᠤᠨ ᠤ ᠯᠢᠨ ᠬᠤ᠋ ᠡᠷᠲᠡᠨ ᠤ ᠴᠡᠶᠢᠵᠠ ᠦᠵᠡᠮᠵᠢ ᠶᠢᠨ ᠣᠷᠣᠨ ᠳᠤ ᠪᠦᠲᠦᠭᠡᠨ ᠪᠠᠶᠢᠭᠤᠯᠤᠯᠲᠠ ᠬᠢᠵᠦ  ᠪᠠᠶᠢᠭ᠎ᠠ ᠲᠣᠭᠲᠠᠮᠠᠯ ᠬᠥᠯᠥᠰᠥᠨ ᠠᠵᠢᠯᠴᠢᠨ ᠪᠠᠷᠤᠭ ᠭᠤᠴᠢ ᠳᠥᠴᠢᠨ ᠬᠥᠮᠦᠨ ᠪᠠᠶᠢᠵᠤ᠂ ᠲᠡᠳᠡ ᠠᠮᠢᠲᠠᠨ ᠲᠡᠵᠢᠭᠡᠬᠦ ᠪᠤᠶᠤ ᠦᠨᠳᠦᠰᠦᠨ ᠪᠦᠲᠦᠭᠡᠨ ᠪᠠᠶᠢᠭᠤᠯᠤᠯᠲᠠ ᠬᠢᠬᠦ ᠪᠤᠶᠤ ᠡᠪᠡᠰᠦ ᠲᠠᠷᠢᠵᠤ᠂ ᠰᠠᠷ᠎ᠠ ᠶᠢᠨ ᠴᠠᠯᠢᠩ ᠨᠢ ᠳᠤᠮᠳᠠᠴᠢ ᠪᠠᠷ 3000 ᠭᠠᠷᠤᠶ ᠲᠥᠭᠦᠷᠢᠭ ᠪᠠᠶᠢᠪᠠ᠃   ᠯᠢᠨ ᠬᠤ᠋ ᠡᠷᠲᠡᠨ ᠤ ᠴᠡᠶᠢᠵᠠ ᠶᠢᠨ ᠣᠷᠣᠬᠤ ᠡᠭᠦᠳᠡ ᠶᠢᠨ 50 ᠭᠠᠷᠤᠶ ᠲᠠᠰᠤᠯᠭ᠎ᠠ ᠭᠠᠳᠠᠷ ᠭᠡᠷ ᠢ ᠵᠠᠰᠠᠵᠤ ᠴᠢᠮᠡᠭᠯᠡᠭᠰᠡᠨ ᠨᠢ ᠲᠡᠭᠰᠢ ᠵᠢᠭᠳᠡ ᠪᠥᠭᠡᠳ ᠭᠡᠷ ᠪᠠᠶᠢᠰᠢᠩ ᠨᠢ ᠴᠦ ᠠᠳᠠᠯᠢᠬᠠᠨ ᠪᠠᠶᠢᠯ᠎ᠠ᠃ ᠡᠭᠦᠳᠡᠨ ᠳᠡᠭᠡᠷ᠎ᠡ ᠳ᠋ᠧᠩᠯᠦ ᠥᠨᠳᠥᠷ ᠡᠯᠭᠦᠵᠦ᠂ ᠬᠦᠷᠢᠶᠡᠨ ᠳᠣᠲᠣᠷ᠎ᠠ ᠴᠣᠩᠬᠤᠨ ᠡᠭᠦᠳᠡ  ᠴᠡᠪ ᠴᠡᠪᠡᠷᠬᠡᠨ ᠪᠠᠶᠢᠯ᠎ᠠ᠃ ᠡᠨᠡ ᠪᠣᠯ ᠳᠠᠷᠤᠶ ᠯᠢᠨ ᠬᠤ᠋ ᠡᠷᠲᠡᠨ ᠤ ᠴᠡᠶᠢᠵᠠ ᠵᠤᠭᠠᠴᠠᠯ ᠤᠨ ᠺᠣᠮᠫᠠᠨᠢ ᠶᠢᠨ ᠲᠥᠯᠥᠪᠦᠷᠢ ᠦᠭᠡᠢ ᠪᠠᠷ ᠲᠣᠰᠬᠤᠨ ᠤ ᠠᠷᠠᠳ ᠲᠤ ᠪᠦᠲᠦᠭᠡᠨ ᠪᠠᠢᠭᠤᠯᠵᠤ ᠥᠭᠭᠦᠭᠰᠡᠨ ᠰᠢᠨ᠎ᠡ ᠭᠡᠷ  ᠪᠠᠶᠢᠰᠢᠩ ᠪᠣᠯᠤᠨ᠎ᠠ᠃    ᠯᠢᠨ ᠬᠤ᠋ ᠡᠷᠲᠡᠨ ᠤ ᠴᠡᠶᠢᠵᠠ ᠵᠤᠭᠠᠴᠠᠯ ᠤᠨ ᠺᠣᠮᠫᠠᠨᠢ ᠪᠠᠰᠠ ᠯᠦ ᠼᠤᠤ ᠭᠸᠤ ᠲᠣᠰᠬᠤᠨ ᠤ ᠠᠷᠠᠳ ᠤᠨ ᠵᠥᠪᠯᠡᠯ ᠳᠤ ᠲᠣᠰᠬᠤᠨ ᠤ ᠵᠡᠭᠡᠯᠢ ᠭᠤᠳᠤᠮᠵᠢ ᠶᠢ ᠬᠠᠲᠠᠭᠤᠷᠠᠭᠤᠯᠵᠤ᠂ ᠠᠵᠢᠯᠯᠠᠭᠠᠨ ᠤ ᠠᠭᠤᠳᠠᠮ ᠲᠠᠯᠠᠪᠠᠢ ᠭᠠᠷᠭᠠᠵᠤ ᠂ ᠰᠦ᠋ ᠮᠠ ᠸᠠᠨ ᠲᠣᠰᠬᠤᠨ ᠤ ᠠᠷᠠᠳ ᠲᠤ ᠰᠤᠶᠢᠳᠬᠡᠯ ᠬᠤᠷᠢᠶᠠᠬᠤ ᠦᠭᠡᠢ ᠪᠠᠷ ᠴᠠᠬᠢᠯᠭᠠᠨ ᠬᠠᠩᠭᠠᠵᠤ᠂ ᠳᠤᠯᠠᠭᠠᠯᠠᠭ᠎ᠠ ᠬᠠᠩᠭᠠᠵᠤ᠂ ᠤᠰᠤ ᠬᠠᠩᠭᠠᠵᠤ᠂ ᠲᠣᠰᠬᠤᠨ ᠤ ᠠᠷᠠᠳ ᠺᠣᠮᠫᠠᠨᠢ ᠠᠴᠠ ᠣᠯᠭᠤᠭᠰᠠᠨ ᠦᠨᠡᠮᠯᠡᠯ ᠢᠶᠠᠨ ᠦᠵᠡᠭᠦᠯᠵᠦ᠂ ᠴᠠᠭ ᠲᠤᠬᠠᠶ ᠳᠤᠨᠢ ᠦᠵᠡᠮᠵᠢ ᠶᠢᠨ ᠣᠷᠣᠨ ᠢᠶᠠᠷ ᠲᠣᠭᠤᠷᠢᠨ ᠵᠤᠭᠠᠴᠠᠵᠤ᠂ ᠰᠡᠯᠡᠭᠦᠴᠡᠨ ᠵᠤᠭᠠᠴᠠᠵᠤ ᠪᠣᠯᠤᠨ᠎ᠠ᠃    ᠯᠢᠨ ᠬᠤ᠋ ᠡᠷᠲᠡᠨ ᠤ ᠴᠡᠶᠢᠵᠠ ᠵᠤᠭᠠᠴᠠᠯ ᠤᠨ ᠦᠢᠯᠡᠰ ᠤᠨ ᠥᠷᠨᠢᠨ ᠬᠥᠭᠵᠢᠬᠦ ᠶᠢ ᠳᠠᠭᠠᠯᠳᠤᠨ᠂ ᠬᠡᠪᠴᠢᠶ᠎ᠡ ᠨᠢ ᠲᠠᠰᠤᠷᠠᠯᠲᠠ ᠦᠭᠡᠢ ᠥᠷᠭᠡᠳᠴᠦ᠂ ᠨᠡᠷ᠎ᠡ ᠲᠥᠷᠥ ᠨᠢ ᠡᠳᠦᠷ ᠢᠷᠡᠬᠦᠶ᠎ᠡ ᠲᠣᠳᠣᠷᠠᠵᠤ ᠪᠠᠶᠢᠨ᠎ᠠ᠃ ᠬᠤᠲᠠ ᠶᠢᠨ ᠵᠤᠭᠠᠴᠠᠭᠰᠠᠳ ᠨᠡᠷ᠎ᠡ ᠠᠯᠳᠠᠷ ᠢ ᠨᠢ ᠰᠣᠨᠣᠰᠤᠭᠠᠳ ᠬᠦᠷᠦᠯᠴᠡᠨ ᠢᠷᠡᠵᠦ᠂ ᠲᠣᠰᠬᠤᠨ ᠤ ᠠᠷᠠᠳ ᠤᠨ ᠬᠥᠳᠡᠭᠡ ᠠᠶᠢᠯ ᠤᠨ ᠵᠤᠭᠠᠴᠠᠯ ᠪᠣᠯᠤᠨ ᠬᠠᠮᠢᠶ᠎ᠠ ᠪᠦᠬᠦᠢ ᠤᠶᠢᠯᠡᠴᠢᠯᠡᠭᠡᠨ ᠤ ᠠᠵᠢᠯ ᠲᠥᠷᠥᠯ ᠢ ᠬᠥᠭᠵᠢᠭᠦᠯᠬᠦ ᠳᠤ ᠠᠵᠠ ᠲᠣᠬᠢᠶᠠᠯ ᠠᠪᠴᠢᠷᠠᠭᠰᠠᠨ ᠪᠠᠶᠢᠨ᠎ᠠ᠃ ᠣᠳᠣᠬᠠᠨ ᠳᠤ᠂ ᠰᠦ᠋ ᠮᠠ ᠸᠠᠨ ᠲᠣᠰᠬᠤᠨ ᠤ ᠲᠠᠷᠢᠶᠠᠴᠢᠨ ᠠᠶᠢᠯ ᠤᠨ ᠵᠤᠭᠠᠴᠠᠯ ᠤᠨ ᠬᠤᠭᠤᠯᠠᠨ ᠭᠡᠷ ᠵᠢᠷᠭᠤᠭ᠎ᠠ ᠪᠣᠶ᠃ ᠵᠤᠭᠠᠴᠠᠯ ᠤᠨ ᠢᠳᠡ ᠤᠯᠠᠷᠢᠯ ᠳᠤ᠂ ᠲᠠᠷᠢᠶᠠᠴᠢᠨ  ᠠᠶᠢᠯ ᠤᠨ ᠵᠤᠭᠠᠴᠠᠯ ᠤᠨ ᠬᠤᠭᠤᠯᠠᠨ ᠭᠡᠷ ᠤᠨ ᠵᠤᠭᠠᠴᠠᠭᠰᠠᠳ  ᠳᠦᠭᠦᠷᠴᠦ ᠪᠠᠶᠢᠳᠠᠭ᠃ ᠵᠥᠪᠬᠡᠨ ᠤᠯᠤᠰ  ᠶᠢᠨ ᠪᠠᠶᠠᠷ ᠤᠨ ᠬᠤᠭᠤᠴᠠᠭᠠᠨ ᠳᠤ᠂ ᠭᠡᠷ ᠪᠦᠷᠢ ᠶᠢᠨ ᠣᠷᠣᠯᠭ᠎ᠠ ᠨᠢ ᠲᠦᠮᠡᠨ ᠲᠥᠭᠦᠷᠢᠭ ᠬᠦᠷᠦᠨ᠎ᠡ᠃   ᠵᠤᠭᠠᠴᠠᠯ ᠤᠨ ᠤᠶᠢᠯᠠᠰ ᠢ ᠬᠥᠭᠵᠢᠭᠦᠯᠬᠦ ᠰᠠᠶᠢᠨ ᠠᠵᠠ ᠲᠣᠬᠢᠶᠠᠯ ᠢᠶᠠᠷ᠂ ᠪᠠᠶᠢᠭᠠᠯᠢ ᠶᠢᠨ ᠡᠬᠢ ᠪᠠᠶᠠᠯᠢᠭ ᠲᠠᠭᠠᠨ ᠲᠦᠰᠢᠭᠯᠡᠵᠦ᠂ ᠯᠢᠨ ᠬᠤ᠋ ᠡᠷᠲᠡᠨ ᠤ ᠴᠡᠶᠢᠵᠠ ᠵᠤᠭᠠᠴᠠᠯ ᠤᠨ ᠦᠢᠯᠡᠰ ᠤᠨ ᠳᠠᠭᠠᠭᠤᠯᠭ᠎ᠠ ᠳᠣᠤᠷ᠎ᠠ᠂ ᠠᠮᠢᠳᠤᠷᠠᠯ ᠡᠳᠦᠷ ᠠᠴᠠ ᠡᠳᠦᠷ ᠰᠠᠶᠢᠵᠢᠷᠠᠵᠤ᠂ ᠠᠮᠢᠳᠤᠷᠠᠯ ᠡᠳᠦᠷ ᠠᠴᠠ ᠡᠳᠦᠷ ᠵᠣᠯ ᠵᠢᠷᠭᠠᠯ ᠲᠠᠢ ᠪᠣᠯᠵᠤ ᠪᠠᠶᠢᠨ᠎ᠠ᠃
                   ᠨᠡᠶᠢᠷᠠᠭᠤᠯᠤᠭᠴᠢ ᠤᠷᠴᠢᠭᠤᠯᠤᠭᠴᠢ ᠪᠠᠶᠠᠨᠪᠠᠲᠦ
 
ᠢᠷᠡᠯᠲᠡ᠄ ᠵᠦᠸᠧᠽᠢ ᠰᠢᠶᠡᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13000402号-2