ᠥᠪᠥᠷ ᠮᠣᠩᠭᠤᠯ ᠤᠨ ᠵᠦᠸᠧᠽᠢ ᠰᠢᠶᠠᠨ ᠤ ᠥᠯᠵᠡᠶᠢᠲᠦ ᠶᠢᠰᠦᠨ ᠨᠤᠭᠤᠯᠤᠭᠠᠲᠦ ᠴᠠᠭᠠᠨ ᠰᠠᠷ᠎ᠠ ᠶᠢᠨ ᠠᠷᠪᠠᠨ ᠲᠠᠪᠤᠨ ᠤ ᠦᠳᠡᠰᠢᠯᠡᠭᠡ
ᠨᠡᠶᠢᠲᠡᠯᠡᠭᠰᠡᠨ ᠴᠠᠭ᠄
2019-07-31
     ᠵᠢᠯ ᠪᠦᠷᠢ ᠶᠢᠨ ᠴᠠᠭᠠᠨ ᠰᠠᠷ᠎ᠠ ᠶᠢᠨ ᠠᠷᠪᠠᠨ ᠲᠠᠪᠤᠨ ᠢᠶᠠᠷ᠂ ᠵᠦᠸᠧᠽᠢ ᠰᠢᠶᠠᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠵᠢᠴᠢ ᠳᠥᠷᠪᠡᠨ ᠶᠡᠭᠡ ᠤᠳᠤᠷᠢᠳᠬᠤ ᠪᠠᠭ ᠤᠨ ᠤᠳᠤᠷᠢᠳᠤᠯᠭ᠎ᠠ ᠬᠠᠮᠲᠤ ᠯᠦᠩ ᠱᠧᠩ ᠴᠡᠴᠡᠷᠯᠢᠭ ᠤᠨ ᠱᠠᠲᠤᠯᠵᠢᠨ ᠵᠠᠮ ᠤᠨ ᠠᠭᠤᠳᠠᠮ ᠲᠠᠯᠠᠪᠠᠢ ᠳᠤ ᠢᠷᠡᠵᠦ᠂ ︽ᠥᠯᠵᠡᠶᠢᠲᠦ ᠶᠢᠰᠦᠨ ᠨᠤᠭᠤᠯᠤᠭᠠᠲᠦ  ᠦᠵᠡᠰᠬᠦᠯᠡᠩᠲᠦ ᠰᠠᠢᠬᠠᠨ ᠵᠦᠸᠧᠽᠢ︾ ᠭᠡᠬᠦ ᠰᠣᠶᠣᠯ ᠤᠨ ᠨᠠᠢᠷ ᠤᠨ ᠡᠯ᠎ᠡ ᠵᠦᠶ᠋ᠯ ᠤᠨ ᠲᠣᠭᠯᠠᠯᠲᠠ ᠶᠢᠨ ᠠᠵᠢᠯᠯᠠᠭ᠎ᠠ  ᠦᠷᠨᠢᠭᠦᠯᠦᠨ ᠵᠦᠸᠧᠽᠢ ᠰᠢᠶᠠᠨ ᠤ ᠬᠡᠳᠦᠨ ᠲᠦᠮᠡᠨ ᠨᠤᠲᠤᠭ ᠤᠨ ᠠᠭ᠎ᠠ ᠳᠡᠭᠦᠤ ᠨᠡᠷ ᠲᠠᠢ ᠬᠠᠮᠲᠤ ᠶᠢᠰᠦᠨ ᠨᠤᠭᠤᠯᠤᠭᠠᠲᠦ ᠬᠠᠳᠤᠨ ᠭᠤᠤᠯ ᠤᠨ ᠳ᠋ᠧᠩ ᠤᠨ ᠵᠢᠭᠰᠠᠭᠠᠯ ᠢ ᠲᠣᠭᠤᠷᠢᠨ ᠦᠵᠡᠨ᠎ᠡ᠃
   ᠴᠠᠭᠠᠨ ᠰᠠᠷ᠎ᠠ ᠶᠢᠨ ᠠᠷᠪᠠᠨ ᠳᠥᠷᠪᠡᠨ ᠤ ᠣᠷᠣᠢ᠂ ᠥᠪᠥᠷ ᠮᠣᠩᠭᠤᠯ ᠤᠨ ᠤᠯᠠᠭᠠᠨᠴᠠᠪ ᠬᠤᠲᠠ ᠶᠢᠨ ᠵᠦᠸᠧᠽᠢ ᠰᠢᠶᠠᠨ ᠤ ᠶᠢᠰᠦᠨ ᠨᠤᠭᠤᠯᠤᠭᠠᠲᠦ ᠬᠠᠳᠤᠨ ᠭᠤᠤᠯ ᠤᠨ ᠳ᠋ᠧᠩ ᠤᠨ ᠵᠢᠭᠰᠠᠭᠠᠯ ᠵᠢᠦ ᠴᠢᠦᠶ ᠠᠭᠤᠳᠠᠮ ᠲᠠᠯᠠᠪᠠᠢ ᠳᠤ ᠡᠬᠢᠯᠡᠵᠦ᠂ ᠲᠦᠮᠡ ᠭᠠᠷᠤᠶ ᠣᠯᠠᠨ ᠲᠦᠮᠡᠨ ᠲᠡᠷᠭᠡᠯ ᠰᠠᠷᠠᠨ ᠤ ᠭᠡᠷᠡᠯ ᠳᠤ ︽ᠶᠢᠰᠦᠨ ᠨᠤᠭᠤᠯᠤᠭ᠎ᠠ ᠪᠠᠷ ᠲᠣᠭᠤᠷᠢᠨ᠂ ᠪᠤᠶᠠᠨ ᠵᠢᠷᠭᠠᠯ ᠢ ᠬᠦᠰᠡᠨ ᠪᠠᠷᠠᠯᠠᠵᠤ︾  ᠬᠦᠷ ᠨᠠᠷᠭᠢᠶᠠᠨ ᠢᠶᠠᠷ ᠪᠢᠯᠬᠠᠳᠠᠭ᠃
   ᠶᠢᠰᠦᠨ ᠨᠤᠭᠤᠯᠤᠭᠠᠲᠦ ᠬᠠᠳᠤᠨ ᠭᠤᠤᠯ ᠤᠨ ᠳ᠋ᠧᠩ ᠤᠨ ᠵᠢᠭᠰᠠᠭᠠᠯ ᠨᠢ ᠶᠢᠰᠦᠨ ︽万︾ ᠦᠰᠦᠭ ᠲᠠᠢ ᠡᠷᠭᠢᠯᠲᠡ ᠶᠢᠨ ᠳ᠋ᠧᠩ ᠤᠨ ᠵᠢᠭᠰᠠᠭᠠᠯ  ᠂ ᠬᠠᠳᠤᠨ ᠭᠤᠤᠯ ᠤᠨ ᠶᠢᠰᠦᠨ ᠨᠤᠭᠤᠯᠤᠭᠠᠲᠦ ᠠᠷᠪᠠᠨ ᠨᠠᠶᠢᠮᠠᠨ ᠨᠤᠭᠤᠯᠤᠭ᠎ᠠ ᠮᠡᠲᠦ ᠮᠤᠷᠤᠶ ᠰᠤᠨᠵᠢᠷᠠᠭᠰᠠᠨ ᠪᠣᠯᠬᠤᠷ ︽ᠶᠢᠰᠦᠨ ᠨᠤᠭᠤᠯᠤᠭᠠᠲᠦ ᠬᠠᠳᠤᠨ ᠭᠤᠤᠯ ᠤᠨ ᠵᠢᠭᠰᠠᠭᠠᠯ︾ ᠭᠡᠳᠡᠭ᠃ ︽ᠶᠢᠰᠦᠨ ᠨᠤᠭᠤᠯᠤᠭᠠᠲᠦ ᠬᠠᠳᠤᠨ ᠭᠤᠤᠯ ᠤᠨ ᠵᠢᠭᠰᠠᠭᠠᠯ︾ ᠢ ᠲᠤᠭᠤᠷᠢᠬᠤ ᠪᠣᠯ ᠵᠦᠸᠧᠽᠢ ᠰᠢᠶᠠᠨ ᠤ ᠨᠢᠭᠡᠨ ᠡᠷᠲᠡᠨ ᠤ ᠠᠷᠠᠳ ᠤᠨ ᠰᠣᠶᠣᠯ ᠪᠣᠯᠬᠤ ᠪᠥᠭᠡᠳ ᠤᠯᠠᠭᠠᠨᠴᠠᠪ ᠬᠤᠲᠠ ᠶᠢᠨ ᠪᠣᠳᠠᠰ ᠤᠨ ᠪᠤᠰᠤ ᠰᠣᠶᠣᠯ ᠤᠨ ᠥᠪ ᠪᠣᠯᠤᠨ᠎ᠠ᠃ ᠵᠢᠯ ᠪᠦᠷᠢ ᠶᠢᠨ ᠴᠠᠭᠠᠨ ᠰᠠᠷ᠎ᠠ ᠶᠢᠨ ᠠᠷᠪᠠᠨ ᠲᠠᠪᠤᠨ ᠤ  ᠥᠯᠵᠡᠶᠢᠲᠦ ᠡᠳᠦᠷ ᠤᠨ ᠡᠮᠦᠨ᠎ᠡ ᠬᠤᠶᠢᠨᠠᠬᠢ ᠭᠤᠷᠪᠠᠨ ᠡᠳᠦᠷ ᠲᠤ᠂ ᠡᠯ᠎ᠡ ᠰᠤᠮᠤ ᠡᠯ᠎ᠡ ᠪᠠᠯᠭᠠᠰᠤ ᠴᠥᠮ ᠦᠪᠡᠳᠡᠭᠰᠢ ᠶᠡᠭᠡ ᠶᠢᠰᠦᠨ ᠨᠤᠭᠤᠯᠤᠭ᠎ᠠ ᠬᠠᠳᠤᠨ ᠭᠤᠤᠯ ᠤᠨ ᠳ᠋ᠧᠩ ᠤᠨ ᠴᠤᠭᠯᠠᠭᠠᠨ ᠬᠢᠳᠡᠭ᠃ ᠠᠷᠠᠳ ᠢᠷᠭᠡᠳ ᠰᠢᠷᠭᠠᠭᠤ ᠬᠠᠲᠠᠭᠤᠵᠢᠯᠲᠠᠶ ᠨᠢᠭᠡ ᠵᠢᠯ ᠠᠵᠢᠭᠯᠠᠭᠰᠠᠨ ᠤ ᠳᠠᠷᠠᠭ᠎ᠠ᠂ ᠨᠠᠶ᠋ᠮᠠᠨ ᠵᠣᠪᠬᠢᠰ ᠠᠴᠠ ᠶᠢᠰᠦᠨ ᠨᠤᠭᠤᠯᠤᠭ᠎ᠠ ᠵᠢᠭᠰᠠᠭᠠᠯ ᠳᠤ ᠴᠤᠭᠯᠠᠷᠠᠵᠤ᠂ ᠲᠡᠭᠦᠨ ᠤ ᠳᠣᠲᠣᠷ᠎ᠠ ᠨᠢᠭᠡ ᠵᠢᠯ ᠰᠠᠭᠠᠳ ᠦᠭᠡᠢ ᠤᠷᠤᠭᠰᠢᠯᠠᠵᠤ᠂ ᠳᠥᠷᠪᠡᠨ ᠤᠯᠠᠷᠢᠯ ᠤᠨ ᠠᠮᠤᠷ ᠠᠮᠤᠭᠤᠯᠠᠩ  ᠢ ᠳᠠᠭᠠᠳᠬᠠᠳᠠᠭ᠃
                                  ᠨᠠᠶᠢᠷᠠᠭᠤᠯᠤᠭᠴᠢ ᠤᠷᠴᠢᠭᠤᠯᠤᠭᠴᠢ ᠪᠠᠶᠠᠨᠪᠠᠲᠦ
 
ᠢᠷᠡᠯᠲᠡ᠄ ᠵᠦᠸᠧᠽᠢ ᠰᠢᠶᠡᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13000402号-2