ᠵᠦᠸᠧᠽᠢ ᠰᠢᠶᠠᠨ ᠤ ᠳ᠋ᠠ ᠢᠦᠶ ᠱᠣ᠋ ᠰᠢᠶᠠᠩ ᠶᠢᠨ ᠠᠷᠠᠳ ᠤᠨ ᠵᠠᠩ ᠦᠢᠯᠡ ᠶᠢᠨ ᠵᠤᠭᠠᠴᠠᠯ ᠤᠨ ᠣᠷᠣᠨ | ᠪᠤᠯᠬᠤ ᠮᠢᠩ ᠰᠢᠩ ᠭᠧᠦ ᠦᠵᠡᠮᠵᠢ ᠶᠢᠨ ᠣᠷᠣᠨ ᠠᠴᠠ 5 ᠺᠢᠯᠤᠮᠧᠲ᠋ᠧᠷ ᠤᠨ ᠵᠠᠶᠢᠲᠠᠶ᠂ ᠵᠡᠭᠦᠨ ᠪᠠᠷᠠᠭᠤᠨ | ᠴᠢᠭᠯᠡᠯ ᠤᠨ ᠮᠠ ᠵᠢᠶᠠ ᠭᠸᠤ ᠭᠡᠬᠦ ᠮᠤᠷᠤᠶ ᠰᠠᠷᠤᠶ ᠭᠤᠤ ᠪᠠᠶᠢᠳᠠᠭ᠂ ᠠᠳᠡ ᠮᠠ ᠣᠪᠣᠭᠲᠤ ᠶᠢᠨ ᠶᠡᠭᠡ ᠬᠦᠷᠢᠶ᠎ᠡ᠂ | ᠮᠠ ᠣᠪᠣᠭᠲᠤ ᠶᠢᠨ ᠬᠠᠭᠤᠴᠢᠨ ᠬᠤᠳᠳᠤᠭ᠂ ︽ᠬᠠᠭᠤᠴᠢᠨ ᠬᠤᠳᠳᠤᠭ ᠶᠢᠨ ᠤᠳᠠ ᠶᠢᠨ ᠲᠤᠰᠬᠠᠯ︾ ᠵᠡᠷᠭᠡ ᠠᠮᠢ | ᠠᠬᠤᠢ ᠶᠢᠨ ᠪᠠᠶᠢᠭᠠᠯᠢ ᠶᠢᠨ ᠦᠵᠡᠮᠵᠢ ᠪᠣᠶ᠃ ᠵᠦ ᠶᠤᠸᠠᠨ ᠵᠠᠩ ᠤᠨ ᠬᠠᠳᠤᠨ ᠮᠠ ᠤᠪᠤᠭᠲᠠᠨ ᠤ ᠬᠤᠶᠢᠴᠢᠰ ᠮᠠ | ᠳ᠋ᠧ ᠰᠢᠩ ︵ᠪᠠᠭ᠎ᠠ ᠨᠡᠷ᠎ᠡ ᠨᠢ ᠮᠠ ᠡᠤ︶ ᠤᠨ ᠳᠡᠭᠡᠳᠦᠰ ᠤᠨ ᠨᠤᠲᠤᠭ ᠨᠢ ᠠᠨᠾᠦ᠋ᠢ ᠶᠢᠨ ᠹᠧᠩ ᠶᠠᠩ᠂ ᠮᠢᠩ | ᠤᠯᠤᠰ ᠶᠢᠨ ᠡᠬᠢ ᠪᠠᠷ ᠲᠠᠷᠢᠶᠠᠴᠢᠨ ᠤ ᠪᠣᠰᠣᠯᠭ᠎ᠠ ᠳᠤ ᠣᠷᠣᠯᠴᠠᠵᠤ᠂ ᠮᠢᠩ ᠲᠠᠶᠢᠽᠤ ᠶᠢ ᠬᠠᠪᠰᠤᠷᠤᠨ ᠡᠮᠦᠨᠡᠰᠢ | ᠳᠠᠶᠢᠯᠠᠨ ᠤᠮᠠᠷᠠᠰᠢ ᠪᠠᠶᠢᠯᠳᠤᠵᠤ᠂ ᠦᠨᠡᠨᠴᠢ ᠰᠢᠳᠤᠷᠭᠤ ᠪᠠᠷ ᠵᠢᠳᠬᠦᠵᠦ᠂ ᠤᠳᠠᠭ᠎ᠠ ᠳᠠᠷᠠᠭᠠᠯᠠᠨ ᠭᠠᠪᠢᠶ᠎ᠠ | ᠪᠠᠶᠢᠭᠤᠯᠵᠦ᠂ ᠲᠡᠭᠦᠨ ᠤ ᠦᠨᠡᠨᠴᠢ ᠰᠢᠳᠤᠷᠭᠤ ᠪᠠ ᠠᠷᠢᠭᠤᠨ ᠴᠢᠬᠡᠴᠢ ᠪᠠᠶᠢᠬᠤ ᠶᠢ ᠬᠥᠬᠢᠭᠦᠯᠦᠨ ᠰᠠᠶᠢᠰᠢᠶᠠᠬᠤ ᠶᠢᠨ | ᠲᠥᠯᠥᠭᠡ᠂ ︽ ᠲᠡᠭᠷᠢ ᠶᠢᠨ ᠢᠪᠡᠭᠡᠯ︾ ᠵᠠᠷᠯᠢᠭ ᠪᠠᠭᠤᠯᠭᠠᠨ ᠱᠠᠩᠨᠠᠵᠤ᠂ ᠲᠠᠪᠤᠨ ᠥᠩᠭᠡ ᠶᠢᠨ ᠬᠡᠮᠡᠷᠯᠢᠭ | ᠤᠶᠤᠵᠤ᠂ ᠪᠦᠬᠦ ᠠᠭᠤᠯᠭ᠎ᠠ ᠨᠢ ᠨᠡᠶᠢᠲᠡ 92 ᠦᠰᠦᠭ ᠲᠠᠢ ᠃ | ᠬᠤᠵᠢᠮ ᠬᠤᠶᠢᠴᠢᠰ ᠲᠠᠭᠠᠨ ᠦᠷᠭᠦᠯᠵᠢ ᠪᠢᠴᠢᠭ ᠰᠤᠷᠬᠤ᠂ ᠵᠡᠪᠰᠡᠭ ᠤᠨ ᠡᠷᠳᠡᠮ ᠰᠤᠷᠬᠤ᠂ ᠨᠣᠮᠣᠬᠠᠨ | ᠰᠢᠳᠤᠷᠭᠤ ᠬᠥᠮᠦᠨ ᠪᠣᠯᠬᠤ᠂ ᠯᠠᠪᠳᠠᠭᠤᠨ ᠪᠠᠲᠤᠲᠠᠶ ᠠᠵᠢᠯᠯᠠᠬᠤ ᠬᠡᠷᠡᠭᠲᠡᠶ᠂ ᠢᠩᠭᠢᠪᠡᠯ ᠰᠠᠶ᠋ᠢ ᠪᠤᠶᠠᠨ ᠬᠡᠰᠢᠭ᠂ | ᠲᠥᠷᠥᠯ ᠤᠭᠰᠠᠭ᠎ᠠ᠂ ᠦᠶ᠎ᠡ ᠪᠦᠷᠢ ᠳᠤ ᠵᠡᠷᠭᠡ ᠬᠡᠷᠭᠡᠮ ᠣᠯᠭᠤᠬᠤ ᠪᠣᠯᠤᠨ᠎ᠠ᠃ ᠮᠢᠩ ᠤᠨ ᠨᠤᠶᠠᠷᠬᠠᠯ | ᠤᠷᠤᠭᠤᠳᠠᠵᠤ ᠪᠠᠶᠢᠭ᠎ᠠ ᠣᠶᠢᠶ᠎ᠠ ᠳᠤ᠂ ᠨᠡᠶᠢᠰᠯᠡᠯ ᠨᠠᠨᠵᠢᠩ ᠨᠢ ᠨᠢᠭᠡᠨᠲᠡ ᠮᠠ ᠣᠪᠣᠭᠲᠤ ᠶᠢᠨ ᠬᠤᠶᠢᠴᠢ ᠦᠶ᠎ᠡ ᠨᠢ | ᠣᠷᠣᠰᠢᠨ ᠲᠣᠭᠲᠠᠨᠢᠬᠤ ᠭᠠᠵᠠᠷ ᠪᠢᠰᠢ ᠪᠣᠯᠵᠤ᠂ ᠰᠡᠭᠦᠯᠡᠷ ᠨᠢ ᠮᠢᠩ ᠤᠯᠤᠰ ᠶᠢᠨ ᠰᠡᠭᠦᠯᠴᠢ ᠴᠢᠩ ᠤᠯᠤᠰ ᠠᠴᠠ | ᠡᠬᠢ ᠪᠠᠷ ᠳ᠋ᠠ ᠢᠦᠶ ᠱᠣ᠋ ᠳᠤ ᠳᠤᠲᠠᠭᠠᠵᠤ᠂ ᠮᠠ ᠣᠪᠣᠭᠲᠤ ᠶᠢᠨ ᠶᠡᠭᠡ ᠬᠦᠷᠢᠶ᠎ᠡ ᠨᠢ ᠴᠢᠩ ᠤᠯᠤᠰ ᠶᠢᠨ | ᠪᠠᠳᠠᠷᠠᠭᠤᠯᠲᠤ ᠲᠥᠷᠦ ᠶᠢᠨ ᠲᠠᠪᠤᠳᠤᠭᠠᠷ ᠣᠨ ︵1870 ᠣᠨ︶ ᠤ ᠲᠠᠪᠤᠳᠤᠭᠠᠷ ᠰᠠᠷ᠎ᠠ ᠳᠤ ᠪᠠᠷᠢᠵᠤ | ᠳᠠᠭᠤᠰᠤᠭᠠᠳ᠂ ᠮᠠ ᠵᠢᠶᠠ ᠭᠧᠦ ᠴᠦ ᠡᠭᠦᠨ ᠠᠴᠠ ᠪᠣᠯᠵᠤ ᠨᠡᠷᠡᠯᠡᠭᠳᠡᠪᠡ᠃ ᠡᠨᠡ ᠨᠢ ᠨᠡᠯᠢᠶᠡᠳ ᠳᠠᠯᠳᠠᠷᠬᠠᠭ | ᠮᠦᠷᠲᠡᠭᠡᠨ ᠠᠭᠤᠯᠠ ᠲᠦᠰᠢᠨ ᠡᠷᠲᠡᠨ ᠤ ᠭᠡᠰᠢᠭᠲᠦ ᠭᠠᠵᠠᠷ ᠶᠢᠨ ᠤᠬᠠᠭᠠᠨ ᠤ ᠦᠨᠳᠦᠰᠦᠯᠡᠯ ᠲᠠᠢ ᠨᠡᠶᠢᠴᠡᠵᠦ᠂ | ᠴᠢᠩ ᠤᠯᠤᠰ ᠶᠢᠨ ᠦᠶ᠎ᠡ ᠶᠢᠨ ᠤᠮᠠᠷᠠᠲᠤ ᠶᠢᠨ ᠬᠥᠳᠡᠭᠡ ᠲᠣᠰᠬᠤᠨ ᠤ ᠨᠡᠶᠢᠲᠡᠯᠢᠭ ᠳᠦᠷᠪᠡᠯᠵᠢᠨ ᠬᠦᠷᠢᠶᠡᠨ ᠤ | ᠳᠦᠷᠢᠮ ᠳᠤ ᠬᠠᠷᠢᠶᠠᠯᠠᠭᠳᠠᠨ᠎ᠠ᠃ ᠨᠤᠲᠠᠯᠠᠯᠲᠠ ᠶᠢ ᠦᠨᠳᠦᠰᠦᠯᠡᠪᠡᠯ᠂ ᠪᠠᠷᠠᠭᠤᠨ ᠭᠡᠷ ᠢ ᠨᠠᠶᠢᠷᠠᠯᠲᠤ ᠲᠥᠪ ᠤᠨ | ᠦᠶ᠎ᠡ ᠳᠤ ᠪᠠᠶᠢᠭᠤᠯᠵᠤ᠂ ᠠᠵᠢᠯᠴᠢᠨ ᠬᠡᠷᠡᠭᠯᠡᠬᠦ᠂ ᠮᠠᠲ᠋ᠧᠷᠢᠶᠠᠯ ᠬᠡᠷᠡᠭᠯᠡᠬᠦ᠂ ᠭᠠᠷ ᠤᠷᠠᠯᠠᠯ ᠨᠢ ᠳ᠋ᠠ ᠢᠦᠶ ᠱᠣ᠋ ᠵᠡᠭᠦᠨ | ᠵᠡᠭᠡᠯᠢ ᠶᠢᠨ ᠰᠠᠨ ᠱᠧᠩ ᠳ᠋ᠢᠶᠠᠨ ᠬᠠᠷᠰᠢ ᠲᠠᠢ ᠨᠢᠭᠡ ᠬᠡᠪ ᠮᠠᠶ᠋ᠢᠭ ᠤᠨ ᠬᠢᠴᠡ ᠲᠠᠢ ᠭᠤᠤᠯᠳᠠᠭᠤ ᠭᠡᠷ ᠤᠨ | ᠰᠤᠷᠭᠠᠭᠤᠯᠢ ᠵᠢᠴᠢ ᠪᠤᠭᠤᠳᠠᠢ ᠦᠷᠦᠮᠳᠡᠬᠦ ᠭᠡᠷ ᠪᠤᠯᠤᠨ᠎ᠠ᠃ ᠭᠤᠤᠯ ᠭᠡᠷ ᠨᠢ ᠭᠡᠷ ᠤᠨ ᠡᠵᠡᠨ ᠤ ᠦᠷᠦᠭᠡ᠂ | ᠵᠡᠭᠦᠨ ᠭᠡᠷ ᠨᠢ ᠵᠣᠴᠢᠨ ᠤ ᠦᠷᠦᠭᠡ ᠪᠠᠶᠢᠵᠤ᠂ ᠡᠭᠦᠳᠡᠨ ᠠᠰᠠᠷ ᠵᠢᠴᠢ ᠬᠤᠶᠠᠷ ᠲᠠᠯ᠎ᠠ ᠶᠢᠨ ᠵᠠᠷᠤᠴᠠ ᠶᠢᠨ ᠣᠷᠣᠨ | ᠰᠠᠭᠤᠴᠠ ᠵᠢᠴᠢ ᠬᠦᠷᠢᠶ᠎ᠡ ᠬᠠᠰᠢᠶ᠎ᠠ ᠨᠢ ᠪᠦᠷ ᠪᠠᠳᠠᠷᠠᠭᠤᠯᠲᠤ ᠲᠥᠷᠦ ᠶᠢᠨ ᠲᠠᠪᠤᠳᠤᠭᠠᠷ ᠰᠠᠷ᠎ᠠ ᠳᠤ ᠪᠠᠷᠢᠵᠤ | ᠳᠠᠭᠤᠰᠬᠠᠵᠠᠶ᠂ ᠡᠭᠦᠳᠡᠨ ᠠᠰᠠᠷ ᠤᠨ ᠣᠷᠣᠢ ᠳᠤᠨᠢ ᠤᠯᠠᠭᠠᠨ ᠦᠰᠦᠭ ᠢᠶᠠᠷ ︽ᠳᠠᠶᠢᠴᠢᠩ ᠬᠦᠷᠳ ᠤ ᠲᠠᠪᠤᠳᠤᠭᠠᠷ | ᠣᠨ ᠤ ᠲᠠᠪᠤᠳᠤᠭᠠᠷ ᠰᠠᠷ᠎ᠠ ᠳᠤ ᠥᠯᠵᠡᠢ ᠬᠤᠲᠤᠭ︾ ᠭᠡᠬᠦ ᠪᠢᠴᠢᠭᠡᠰᠦ ᠲᠠᠢ᠃ ᠮᠠ ᠣᠪᠣᠭᠲᠤ ᠶᠢᠨ ᠶᠡᠭᠡ | ᠬᠦᠷᠢᠶᠡᠨ ᠤ ᠭᠤᠤ ᠶᠢᠨ ᠡᠷᠭᠢ ᠠᠴᠠ ᠵᠡᠭᠦᠨᠰᠢ 400 ᠮᠧᠲᠷ ᠤᠨ ᠭᠤᠤᠯ ᠤᠨ ᠭᠤᠯᠳᠤᠷᠢᠯ ᠳᠡᠭᠡᠷ᠎ᠡ ᠨᠢᠭᠡ | ᠴᠢᠯᠠᠭᠤᠨ ᠬᠢᠴᠡ ᠲᠠᠢ ᠡᠷᠲᠡᠨ ᠤ ᠬᠤᠳᠳᠤᠭ ᠪᠠᠷᠢᠵᠤ᠂ ᠬᠤᠳᠳᠤᠭ ᠤᠨ ᠪᠠᠷᠠᠭᠤᠨ ᠲᠠᠯ᠎ᠠ ᠳᠤ ᠬᠤᠶᠠᠷ ᠴᠢᠯᠠᠭᠤᠨ | ᠣᠩᠭᠤᠴᠠ ᠪᠠᠶᠢᠵᠤ᠂ ᠲᠤᠰᠬᠠᠶᠢᠯᠠᠨ ᠮᠠᠯ ᠲᠡᠵᠢᠭᠡᠬᠦ ᠳᠤ ᠬᠡᠷᠡᠭᠯᠡᠳᠡᠭ᠃ ᠡᠨᠡ ᠪᠣᠯ ᠳᠠᠷᠤᠶ ᠨᠡᠷᠡᠲᠡᠢ ᠮᠠ | ᠣᠪᠣᠭᠲᠤ ᠶᠢᠨ ᠬᠠᠭᠤᠴᠢᠨ ᠬᠤᠳᠳᠤᠭ ᠪᠣᠯᠤᠨ᠎ᠠ᠃ ᠬᠠᠭᠤᠴᠢᠨ ᠬᠤᠳᠳᠤᠭ ᠤᠨ ᠵᠡᠭᠦᠨ ᠡᠮᠦᠨ᠎ᠡ ᠬᠡᠰᠡᠭ ᠲᠤ 20 | ᠮᠧᠲᠷ ᠬᠦᠷᠬᠦ ᠦᠭᠡᠢ ᠭᠠᠵᠠᠷ ᠲᠤ ᠨᠢᠭᠡ ᠰᠠᠭᠤᠷᠢ ᠡᠷᠲᠡᠨ ᠤ ᠤᠳᠠ ᠮᠤᠳᠦ ᠪᠠᠶᠢᠳᠠᠭ᠂ ᠡᠨᠡ ᠪᠣᠯ ᠳᠠᠷᠤᠶ | ᠨᠢᠭᠤᠴᠠᠭᠠᠶ ︽ᠬᠠᠭᠤᠴᠢᠨ ᠬᠤᠳᠳᠤᠭ ᠶᠢᠨ ᠤᠳᠠ ᠶᠢᠨ ᠲᠤᠰᠬᠠᠯ︾ ᠪᠣᠯᠤᠨ᠎ᠠ᠃ ᠮᠣᠳᠣᠨ ᠤ ᠨᠠᠰᠤ ᠨᠢ ᠮᠢᠩᠭᠠᠨ | ᠵᠢᠯ ᠠᠴᠠ ᠳᠡᠭᠡᠭᠰᠢ ᠪᠠᠶᠢᠵᠤ᠂ ᠭᠤᠷᠪᠠᠨ ᠬᠦᠮᠦᠨ ᠨᠡᠶᠢᠯᠡᠨ ᠲᠡᠪᠡᠷᠢᠵᠦ ᠴᠢᠳᠠᠬᠤ ᠦᠭᠡᠢ ᠪᠦᠳᠦᠭᠦᠨ ᠪᠠᠶᠢᠵᠤ᠂ | ᠮᠣᠳᠣᠨ ᠤ ᠰᠠᠷᠠᠪᠴᠢ ᠨᠢ ᠲᠩᠷᠢ ᠭᠠᠵᠠᠷ ᠢ ᠬᠠᠯᠬᠠᠯᠠᠵᠤ᠂ ᠰᠠᠯᠠᠭ᠎ᠠ ᠨᠠᠮᠠᠭ᠎ᠠ ᠨᠢ ᠢᠭᠴᠤ ᠰᠠᠬᠤᠯᠢᠭ ᠪᠠᠶᠢᠳᠠᠭ᠃ | | ᠰᠣᠶᠣᠯ ᠤᠨ ᠡᠬᠢ ᠰᠤᠷᠪᠤᠯᠵᠢ ᠶᠢ ᠡᠷᠢᠬᠦ | | ᠵᠦᠸᠧᠽᠢ ᠰᠢᠶᠠᠨ ᠤ ᠰᠢᠪᠠᠷᠲᠠᠢ ᠪᠠᠯᠭᠠᠰᠤᠨ ᠤ ᠾᠦᠸᠧ ᠱᠢ ᠭᠸᠤ ᠪᠣᠯᠤᠨ ᠹᠦ᠋ ᠱᠧᠩ ᠵᠤᠸᠠᠩ ᠶᠢᠨ ᠺᠦᠨ | ᠳ᠋ᠸᠤ ᠭᠸᠤ ᠶᠢᠨ ᠬᠠᠭᠤᠴᠢᠨ ᠴᠢᠯᠠᠭᠤᠨ ᠵᠡᠪᠰᠡᠭ ᠶᠢᠨ ᠤᠶᠢᠯᠠᠳᠬᠦᠨ ᠤ ᠲᠠᠯᠠᠪᠠᠢ ᠮᠦᠨ ᠭᠡᠵᠦ ᠭᠡᠷᠡᠴᠢᠯᠡᠭᠳᠡᠭᠰᠡᠨ | ᠪᠠᠶᠢᠨ᠎ᠠ᠂ ᠠᠯᠢ ᠡᠷᠲᠡ ᠣᠳᠣ ᠠᠴᠠ ᠲᠦᠮᠡᠨ ᠵᠢᠯ ᠤᠨ ᠡᠮᠦᠨ᠎ᠡ ᠳᠠᠷᠤᠶ ᠡᠨᠡᠬᠦ ᠭᠠᠵᠠᠷ ᠣᠷᠣᠨ ᠤ ᠬᠥᠮᠦᠨ | ᠲᠥᠷᠥᠯᠬᠢᠲᠡᠨ ᠤ ᠪᠣᠯᠪᠠᠰᠤᠨ ᠤ ᠬᠥᠰᠢᠭᠡ ᠶᠢ ᠰᠡᠬᠦᠭᠰᠡᠨ ᠪᠠᠶᠢᠨ᠎ᠠ᠃ ᠰᠢᠶᠠ ᠱᠠᠩ ᠪᠠᠷᠠᠭᠤᠨ ᠵᠧᠤ ᠤᠯᠤᠰ ᠶᠢᠨ | ᠦᠶ᠎ᠡ ᠳᠤ᠂ ᠣᠳᠣ ᠶᠢᠨ ᠵᠦᠸᠧᠽᠢ ᠰᠢᠶᠠᠨ ᠤ ᠬᠢᠯᠢ ᠳᠣᠲᠣᠷ᠎ᠠ ᠤᠷᠢᠳ ᠬᠤᠵᠢᠳ ᠤᠮᠠᠷᠠᠲᠤ ᠳ᠋ᠢ ᠵᠡᠷᠭᠡ ᠡᠷᠲᠡᠨ ᠤ | ᠨᠡᠭᠦᠳᠡᠯᠯᠡᠨ ᠮᠠᠯᠵᠢᠬᠤ ᠦᠨᠳᠦᠰᠦᠲᠡᠨ ᠡᠨᠡ ᠬᠦ ᠨᠤᠲᠤᠭ ᠳᠡᠪᠢᠰᠬᠡᠷ ᠳᠡᠭᠡᠷ᠎ᠡ ᠠᠮᠢᠳᠤᠷᠠᠵᠤ ᠂ ᠲᠡᠳᠡᠨ ᠤ ᠨᠡᠭᠦᠳᠡᠯᠯᠡᠨ | ᠮᠠᠯᠵᠢᠬᠤ᠂ ᠠᠩ ᠠᠩᠨᠠᠬᠤ ᠵᠢᠴᠢ ᠳᠤᠮᠳᠠᠳᠤ ᠶᠢᠨ ᠦᠨᠳᠦᠰᠦᠲᠡᠨ ᠯᠦᠭᠡ ᠳᠠᠶᠢᠨ᠂ ᠬᠠᠷᠢᠯᠴᠠᠭ᠎ᠠ ᠶᠠᠪᠤᠯᠴᠠᠭ᠎ᠠ ᠶᠢᠨ | ᠤᠯᠠ ᠮᠦᠷ ᠨᠢ ᠦᠯᠡᠳᠡᠭᠡᠭᠰᠡᠨ ᠪᠠᠶᠢᠨ᠎ᠠ᠃ ᠪᠠᠶᠢᠯᠳᠤᠭᠠᠨᠲᠤ ᠤᠯᠤᠰ ᠶᠢᠨ ᠦᠶ᠎ᠡ ᠳᠤ᠂ ᠵᠤᠤ ᠤᠯᠤᠰ ᠤᠮᠠᠷᠠᠰᠢ | ᠥᠷᠭᠡᠵᠢᠵᠦ᠂ ᠤᠷᠲᠤ ᠴᠠᠭᠠᠨ ᠬᠡᠷᠡᠮ ᠢ ᠣᠳᠣ ᠶᠢᠨ ᠵᠦᠸᠧᠽᠢ ᠰᠢᠶᠠᠨ ᠤ ᠬᠢᠯᠢ ᠳᠤ ᠪᠠᠢᠭᠤᠯᠵᠤ᠂ ᠮᠦᠨ ᠴᠦ | ᠣᠳᠣ ᠪᠠᠶᠢᠭ᠎ᠠ ᠤᠯᠠᠭᠠᠨᠴᠠᠪ ᠣᠷᠣᠨ ᠳᠤ ᠨᠡᠯᠢᠶᠡᠳ ᠰᠠᠶᠢᠨ ᠦᠯᠡᠳᠡᠭᠰᠡᠨ ᠵᠤᠤ ᠤᠯᠤᠰ ᠶᠢᠨ ᠤᠷᠲᠤ ᠴᠠᠭᠠᠨ ᠬᠡᠷᠡᠮ | ᠪᠣᠶ᠃ ᠲᠤᠬᠠᠶ ᠶᠢᠨ ᠦᠶ᠎ᠡ ᠳᠤ ᠵᠤᠤ ᠤᠯᠤᠰ ᠶᠢᠨ ᠤᠷᠳᠤ ᠴᠠᠭᠠᠨ ᠬᠡᠷᠡᠮ ᠤᠨ ᠠᠷᠤ ᠳᠠᠬᠢ ᠵᠦᠸᠧᠽᠢ ᠰᠢᠶᠠᠨ ᠤ | ᠬᠤᠶᠢᠲᠤ ᠬᠡᠰᠡᠭ ᠲᠤ ᠾᠦᠩᠨᠦ ᠵᠡᠷᠭᠡ ᠨᠡᠭᠦᠳᠡᠯᠴᠢᠨ ᠦᠨᠳᠦᠰᠦᠲᠡᠨ ᠠᠮᠢᠳᠤᠷᠠᠵᠤ ᠪᠠᠶᠢᠵᠠᠶ᠃ ᠴᠢᠨ᠂ ᠬᠠᠨ | ᠤᠯᠤᠰ ᠶᠢᠨ ᠦᠶ᠎ᠡ ᠳᠤ᠂ ᠵᠦᠸᠧᠽᠢ ᠰᠢᠶᠠᠨ ᠤ ᠬᠡᠰᠡᠭ ᠭᠠᠵᠠᠷ ᠣᠷᠣᠨ ᠨᠢ ᠶᠦᠨᠵᠦ᠋ᠩ ᠵᠢᠶᠦ᠋ᠨ ᠪᠤᠶᠤ ᠶᠠᠨᠮᠤᠨ | ᠵᠢᠶᠦ᠋ᠨ ᠤ ᠬᠠᠷᠢᠶᠠᠨ ᠳᠤ ᠪᠠᠶᠢᠵᠤ᠂ ᠴᠢᠨ᠂ ᠬᠠᠨ ᠤᠯᠤᠰ ᠶᠢᠨ ᠦᠶ᠎ᠡ ᠶᠢᠨ ᠡᠷᠲᠡᠨ ᠤ ᠤᠷᠳᠤ ᠴᠠᠭᠠᠨ ᠬᠡᠷᠡᠮ | ᠬᠢᠯᠢ ᠶᠢᠨ ᠳᠣᠲᠣᠷᠠᠬᠢ ᠵᠡᠭᠦᠨ ᠠᠴᠠ ᠪᠠᠷᠠᠭᠤᠨᠰᠢ ᠥᠩᠭᠡᠷᠡᠵᠦ᠂ ᠥᠨᠥᠳᠦᠷ ᠶᠢᠨ ᠳ᠋ᠠ ᠢᠦᠶ ᠱᠣ᠋ ᠰᠢᠶᠠᠩ ᠶᠢᠨ ᠮᠠ | ᠳ᠋ᠢ ᠪᠠ ᠽᠢ ᠲᠤᠰᠬᠤᠨ ᠠᠴᠠ ᠰᠠᠨ ᠳ᠋ᠤᠤ ᠶᠢᠩ ᠬᠦᠷᠴᠦ᠂ ᠴᠢ ᠰᠢᠶᠠ ᠶᠢᠩ ᠪᠠᠯᠭᠠᠰᠦ ᠦᠩᠭᠡᠷᠡᠨ | ᠬᠦᠬᠡᠬᠤᠲᠠ ᠶᠢᠨ ᠬᠢᠯᠢ ᠳᠤ ᠤᠷᠤᠨ᠎ᠠ᠃ ᠵᠡᠭᠦᠨ ᠬᠠᠨ ᠤᠯᠤᠰ ᠶᠢᠨ ᠦᠶ᠎ᠡ ᠳᠤ᠂ ᠤᠷᠢᠳ ᠢᠶᠠᠷ ᠯᠢᠦ ᠹᠠᠩ | ᠵᠠᠰᠠᠭ ᠲᠤ ᠡᠵᠡᠯᠡᠭᠳᠡᠵᠦ᠂ ᠰᠡᠭᠦᠯᠡᠷ ᠨᠢ ᠰᠢᠶᠡᠨᠪᠢ ᠬᠥᠮᠦᠨ ᠤ ᠨᠡᠭᠦᠳᠡᠯᠯᠡᠨ ᠮᠠᠯᠵᠢᠬᠤ ᠭᠠᠵᠠᠷ ᠪᠣᠯᠵᠠᠶ᠃ ᠡᠮᠦᠨ᠎ᠡ | ᠤᠮᠠᠷᠠᠲᠦ ᠸᠧᠶ ᠤᠯᠤᠰ ᠶᠢᠨ ᠤᠯᠤᠰ ᠶᠢᠨ ᠦᠶ᠎ᠡ ᠳᠤ᠂ ᠡᠨᠡ ᠣᠷᠴᠢᠮ ᠢ ᠲᠣᠪᠠ ᠰᠢᠶᠡᠨᠪᠢ ᠶᠡᠷᠦᠩᠬᠡᠶᠢᠯᠡᠨ | ᠬᠠᠮᠢᠶᠠᠷᠴᠤ᠂ ᠣᠳᠣ ᠶᠢᠨ ᠵᠦᠸᠧᠽᠢ ᠰᠢᠶᠠᠨ ᠤ ᠬᠢᠯᠢ ᠳᠤ ᠪᠠᠶᠢᠭ᠎ᠠ ᠬᠦᠢᠲᠡᠨ ᠰᠢᠯᠢ ︵ᠬᠦᠢᠲᠡᠨ ᠰᠢᠯᠢ︶᠂ | ᠤᠮᠠᠷᠠᠲᠤ ᠸᠧᠶ ᠤᠯᠤᠰ ᠶᠢᠨ ᠦᠶ᠎ᠡ ᠳᠤ᠂ ᠤᠮᠠᠷᠠᠲᠤ ᠸᠧᠶ ᠤᠯᠤᠰ ᠶᠢᠨ ᠬᠠᠭᠠᠨ ᠤ ᠵᠤᠰᠠᠯᠠᠩ ᠵᠢᠨᠦᠵᠡᠮᠵᠢᠲᠦ | ᠣᠷᠣᠨ ᠪᠠᠶᠢᠵᠤ᠂ ᠲᠤᠬᠠᠶ ᠶᠢᠨ ᠣᠶᠢᠶ᠎ᠠ ᠳᠤ ᠶᠡᠷᠡ ᠶᠢᠰᠦᠨ ᠪᠤᠯᠠᠭ ᠭᠡᠵᠦ ᠨᠡᠷᠡᠶᠢᠳᠴᠡᠶ᠃ ᠴᠠᠬᠠᠷ ᠪᠠᠷᠠᠭᠤᠨ ᠭᠠᠷᠤᠨ | ᠬᠤᠶᠢᠲᠤ ᠬᠤᠰᠢᠭᠤᠨ ᠤ ᠨᠤᠲᠤᠭ ᠳᠡᠪᠢᠰᠬᠡᠷ ᠳᠡᠭᠡᠷᠡᠬᠢ ᠬᠦᠢᠲᠡᠨ ᠰᠢᠯᠢ ᠲᠠᠢ ᠠᠳᠠᠯᠢ ᠭᠠᠵᠠᠷ ᠵᠦᠶ ᠶᠢᠨ | ᠨᠢᠭᠡᠴᠡ ᠲᠠᠢ ᠵᠠᠷᠢᠮ ᠲᠡᠤᠬᠡ ᠶᠢ ᠢᠯᠭᠠᠨ ᠲᠠᠨᠢᠬᠤ ᠳᠤ ᠬᠦᠴᠢᠷᠲᠡᠶ ᠪᠠᠶᠢᠳᠠᠭ ᠪᠣᠯᠬᠤᠷ ᠴᠠᠬᠠᠷ ᠪᠠᠷᠠᠭᠤᠨ ᠭᠠᠷᠤᠨ | ᠬᠤᠶᠢᠲᠤ ᠬᠤᠰᠢᠭᠤᠨ ᠤ ᠵᠢᠭᠤᠯᠴᠢᠯᠠᠯ ᠰᠣᠶᠣᠯ ᠳᠤ ᠨᠢᠭᠡᠨᠲᠡ ᠥᠭᠦᠯᠡᠭᠰᠡᠨ ᠪᠣᠯᠬᠤᠷ ᠠᠳᠡ ᠲᠠᠬᠢᠵᠤ ᠥᠭᠦᠯᠡᠬᠦ | ᠦᠭᠡᠢ᠃ ᠤᠮᠠᠷᠠᠲᠤ ᠸᠧᠶ ᠤᠯᠤᠰ ᠠᠴᠠ ᠰᠡᠭᠦᠯᠴᠢ ᠶᠢᠨ ᠦᠶ᠎ᠡ ᠳᠤ᠂ ᠳᠤᠮᠳᠠᠳᠤ ᠤᠯᠤᠰ ᠶᠢᠨ ᠡᠷᠲᠡᠨ ᠤ ᠭᠠᠷᠮᠠᠭᠠᠶ | ᠭᠠᠵᠠᠷ ᠵᠦᠶ ᠶᠢᠨ ᠤᠬᠠᠭᠠᠨᠲᠠᠨ᠂ ᠵᠢᠭᠤᠯᠴᠢᠯᠠᠯ ᠲᠡᠮᠳᠡᠭᠯᠡᠯ ᠤᠨ ᠵᠣᠬᠢᠶᠠᠯᠴᠢ᠂ ᠵᠢᠭᠤᠯᠴᠢᠨ ᠳ᠋ᠢ ᠳ᠋ᠤᠤ ᠶᠤᠸᠠᠨ | ᠬᠦᠢᠲᠡᠨ ᠰᠢᠯᠢ ᠠᠴᠠ ᠡᠬᠢ ᠠᠪᠤᠭᠰᠠᠨ ᠶᠡᠭᠡ ᠲᠦᠷᠭᠡᠨ ᠭᠤᠤᠯ᠂ ᠳᠠᠷᠤᠶ ᠲᠤᠬᠠᠶ ᠶᠢᠨ ᠦᠶ᠎ᠡ ᠶᠢᠨ ᠮᠠᠩᠭᠠᠨ | ᠤᠰᠤᠨ ᠳᠤ ᠲᠤᠬᠠᠶ ᠶᠢᠨ ᠭᠠᠵᠠᠷ ᠲᠤᠨᠢ ᠪᠠᠶᠢᠴᠠᠭᠠᠯᠲᠠ ᠬᠢᠭᠰᠡᠨ ᠪᠥᠭᠡᠳ ︽ᠤᠰᠤᠨ ᠠᠰᠢᠭᠯᠠᠯᠲᠠ ᠶᠢᠨ ᠪᠢᠴᠢᠭ ᠤᠨ | ᠲᠠᠶᠢᠯᠪᠤᠷᠢ︾ ᠳᠤ ︽ᠮᠠᠩᠭᠠᠨ ᠤᠰᠤ ᠪᠣᠭᠤᠮᠲᠠ ᠶᠢᠨ ᠭᠠᠳᠠᠨ᠎ᠠ ᠭᠠᠷᠴᠤ᠂ ᠡᠮᠦᠨᠡᠰᠢ ᠵᠥᠩ ᠱᠠᠨ ᠠᠭᠤᠯᠠ᠂ | ᠠᠭᠤᠯᠠ ᠨᠢ ᠳᠠᠷᠤᠶ ᠮᠤᠨᠢ ᠠᠭᠤᠯᠠ ᠂ ᠣᠲᠠᠴᠢ ᠬᠠᠨ ᠳ᠋ᠢ ᠬᠠᠭᠠᠨ ᠤ ᠬᠡᠯᠡᠭᠰᠡᠨ ᠨᠢ᠄ ᠮᠤᠨᠢ ᠠᠭᠤᠯᠠ ᠮᠢᠩᠭ᠎ᠠ | ᠭᠠᠷᠤᠶ ᠭᠠᠵᠠᠷ ᠤᠨ ᠲᠡᠷᠲᠡᠭᠡ ᠴᠠᠩ ᠢᠦᠢ ᠶᠢᠨ ᠰᠠᠭᠤᠴᠠ ᠪᠤᠢ︾ ᠭᠡᠬᠦ ᠠᠴᠠ ᠦᠵᠡᠪᠡᠯ ᠯᠠᠪᠲᠠᠶᠢᠶ᠎ᠠ ᠰᠠᠶᠢᠬᠠᠨ | ᠰᠢᠮᠡᠯᠢᠭ ᠭᠠᠵᠠᠷ ᠪᠠᠶᠢᠵᠡᠢ᠃ ᠰᠦᠶ ᠳᠠᠩ ᠤᠯᠤᠰ ᠶᠢᠨ ᠦᠶ᠎ᠡ ᠳᠤ᠂ ᠤᠷᠢᠳ ᠬᠤᠵᠢᠳ ᠲᠢᠶᠦ᠋ᠷᠺ᠂ ᠬᠤᠲᠣᠩ᠂ | ᠬᠢᠳᠠᠨ ᠡᠵᠡᠯᠡᠵᠦ ᠪᠠᠶᠢᠪᠠ᠃ ᠲᠤᠬᠠᠶ ᠶᠢᠨ ᠣᠶᠢᠶ᠎ᠠ ᠳᠤ ᠢᠦᠶ ᠯᠢᠨ ᠵᠢᠶᠦ᠋ᠨ ︵ᠣᠳᠣ ᠶᠢᠨ ᠣᠷᠳᠣᠰ ᠬᠤᠲᠠ ᠶᠢᠨ | ᠵᠡᠭᠦᠨᠭᠠᠷ ᠬᠤᠰᠢᠭᠤᠨ ᠤ ᠠᠷᠪᠠᠨ ᠬᠤᠶᠠᠳᠤᠭᠠᠷ ᠯᠢᠶᠠᠨ ᠴᠧᠩ︶ ᠠᠴᠠ ᠴᠢ ᠮᠢᠨ ᠬᠠᠨ ᠤ ᠬᠠᠷᠰᠢ ᠬᠦᠷᠲᠡᠯᠡᠬᠢ ᠰᠦᠶ | ᠶᠠᠩ ᠳ᠋ᠢ ᠬᠠᠭᠠᠨ ᠤ ᠰᠢᠳᠠᠷ ᠵᠠᠮ ᠦᠩᠭᠡᠷᠡᠵᠦ ᠪᠠᠶᠢᠵᠡᠢ᠂ ᠡᠨᠡ ᠪᠤᠯ 607 ᠣᠨ ᠤ ᠵᠢᠷᠭᠤᠳᠤᠭᠠᠷ ᠰᠠᠷ᠎ᠠ ᠳᠤ᠂ | ᠰᠦᠶ ᠶᠠᠩ ᠳ᠋ᠢ ᠬᠠᠭᠠᠨ ᠥᠨᠥᠳᠥᠷ ᠤᠨ ᠬᠦᠢᠲᠡᠨ ᠰᠢᠯᠢ ᠣᠷᠣᠨ ᠢᠶᠠᠷ ᠲᠣᠭᠤᠷᠢᠨ ᠶᠠᠪᠤᠵᠤ ᠶᠠᠪᠤᠭᠰᠠᠨ ᠵᠠᠮ | ᠪᠣᠯᠤᠨ᠎ᠠ᠃ ᠯᠢᠶᠣᠤ ᠤᠯᠤᠰ ᠠᠯᠲᠠᠨ ᠤᠯᠤᠰ ᠶᠢᠨ ᠦᠶ᠎ᠡ ᠳᠤ᠂ ᠶᠡᠷᠡ ᠶᠢᠰᠦᠨ ᠪᠤᠯᠠᠭ ᠪᠣᠯ ᠪᠠᠶᠢᠯᠳᠤᠬᠤ | ᠪᠣᠳᠣᠯᠭ᠎ᠠ ᠶᠢᠨ ᠴᠢᠬᠤᠯᠠ ᠭᠠᠵᠠᠷ ᠪᠠ ᠵᠤᠰᠠᠯᠠᠩ ᠤᠨ ᠦᠵᠡᠮᠵᠢᠲᠦ ᠣᠷᠣᠨ ᠪᠣᠯᠤᠨ᠎ᠠ᠂ ᠢᠯᠠᠩᠭᠤᠶ᠎ᠠ ᠠᠯᠲᠠᠨ | ᠤᠯᠤᠰ ᠶᠢᠨ ᠦᠶ᠎ᠡ ᠳᠤ ᠶᠡᠷᠡ ᠶᠢᠰᠦᠨ ᠪᠤᠯᠠᠭ ᠨᠢ ᠤᠯᠤᠰ ᠶᠢᠨ ᠰᠢᠭᠤᠳ ᠬᠠᠮᠢᠶᠠᠷᠤᠯᠲᠠ ᠳᠣᠤᠷ᠎ᠠ ᠪᠠᠶᠢᠵᠤ᠂ | ᠱᠠᠨ ᠶᠢᠨ ᠰᠢ ᠨᠢ ᠣᠳᠣ ᠶᠢᠨ ᠴᠠᠬᠠᠷ ᠪᠠᠷᠠᠭᠤᠨ ᠭᠠᠷᠤᠨ ᠵᠢᠩ ᠫᠸᠡ ᠣᠷᠴᠢᠮ ᠪᠠᠶᠢᠵᠤ ᠮᠡᠳᠡᠨ᠎ᠡ᠂ ᠵᠦᠸᠧᠽᠢ | ᠰᠢᠶᠠᠨ ᠤ ᠬᠢᠵᠠᠭᠠᠷ ᠲᠠᠬᠢ ᠯᠢᠦ ᠵᠧᠤ ᠫᠢᠩ ᠳᠤ ᠢᠯᠡᠷᠡᠭᠦᠯᠦᠭᠰᠡᠨ ᠠᠯᠲᠠ ᠮᠥᠩᠭᠦᠨ ᠡᠳ᠋ᠯᠡᠯ ᠪᠣᠯ ᠲᠤᠬᠠᠶ ᠶᠢᠨ | ᠦᠶ᠎ᠡ ᠳᠤ ᠠᠯᠲᠠ ᠭᠠᠷᠳᠠᠭ ᠬᠦᠴᠦᠲᠡᠶ ᠭᠡᠷᠡᠴᠢ ᠪᠠᠷᠢᠮᠲᠠ ᠪᠣᠯᠤᠨ᠎ᠠ᠃ ᠶᠤᠸᠠᠨ ᠤᠯᠤᠰ ᠶᠢᠨ ᠦᠶ᠎ᠡ ᠳᠤ᠂ ᠬᠠᠳᠤᠨ | ᠭᠤᠤᠯ ᠤᠨ ᠵᠡᠭᠦᠨ ᠬᠡᠰᠡᠭ ᠤᠨ ᠱᠠᠨ ᠰᠢ ᠶᠢᠨ ᠤᠬᠠᠭᠤᠯᠤᠨ ᠲᠣᠬᠤᠨᠢᠭᠤᠯᠬᠤ ᠡᠯᠴᠢᠨ ᠰᠠᠶᠢᠳ ᠤᠨ ᠶᠠᠮᠤᠨ ᠤ ᠳ᠋ᠠ | ᠲᠦᠩ ᠵᠠᠮ ᠤᠨ ᠬᠠᠷᠢᠶᠠᠨ ᠳᠤ ᠬᠠᠷᠢᠶᠠᠯᠠᠭᠳᠠᠵᠤ᠂ ᠣᠩᠭᠤᠳ ᠠᠶᠢᠮᠠᠭ ᠤᠨ ᠦᠨᠳᠦᠰᠦᠨ ᠬᠠᠷᠢᠶ᠎ᠠ ᠪᠣᠯᠵᠠᠶ᠃ | ᠳᠡᠭᠡᠲᠦ ᠨᠡᠶᠢᠰᠯᠡᠯ ᠱᠠᠩᠳᠦ ᠠᠴᠠ ᠵᠢᠩ ᠵᠧᠤ ᠦᠩᠭᠡᠷᠡᠨ ᠬᠠᠷᠠᠬᠤᠷᠠᠮ ᠬᠦᠷᠬᠦ ᠮᠤᠷᠤᠢ ᠵᠠᠮ ᠡᠨᠡ ᠪᠠᠷ ᠥᠩᠭᠡᠷᠡᠵᠦ᠂ | ᠶᠡᠷᠡ ᠶᠢᠰᠦᠨ ᠪᠤᠯᠠᠭ᠂ ᠶᠠᠩᠵᠢᠭᠴᠢᠨ ᠬᠤᠶᠠᠷ ᠥᠷᠲᠡᠭᠡ ᠲᠣᠬᠢᠷᠠᠭᠤᠯᠵᠠᠢ᠃ 1230 ᠣᠨ ᠤ ᠨᠠᠮᠤᠷ ᠠᠴᠠ | 1232 ᠣᠨ ᠬᠦᠷᠲᠡᠯ᠎ᠡ ᠶᠤᠸᠠᠨ ᠲᠠᠶᠢᠽᠦ᠋ᠩ ᠥᠭᠡᠳᠡᠢ ᠬᠠᠭᠠᠨ ᠭᠤᠷᠪᠠ ᠤᠳᠠᠭ᠎ᠠ ᠪᠡᠶ᠎ᠡ ᠪᠠᠷ ᠢᠶᠠᠨ ᠶᠡᠷᠡ ᠶᠢᠰᠦᠨ | ᠪᠤᠯᠠᠭ ᠤᠨ ᠣᠷᠴᠢᠮ ᠬᠦᠷᠴᠦ᠂ ᠠᠯᠲᠠᠨ ᠤᠯᠤᠰ ᠢ ᠳᠣᠪᠲᠣᠯᠬᠤ ᠳᠠᠶᠢᠨ ᠢ ᠵᠢᠯᠣᠭᠤᠳᠴᠤ᠂ ᠣᠳᠣ ᠶᠢᠨ ᠵᠦᠸᠧᠽᠢ | ᠱᠠᠨ ᠣᠷᠴᠢᠮ ᠮᠣᠩᠭᠤᠯ ᠤᠨ ᠴᠢᠬᠤᠯᠠ ᠰᠠᠭᠤᠷᠢᠨ ᠭᠠᠵᠠᠷ ᠪᠣᠯᠤᠭᠰᠠᠨ ᠪᠠᠶᠢᠨ᠎ᠠ᠃ 1232 ᠣᠨ ᠳᠤ᠂ ᠤᠮᠠᠷᠠᠲᠤ | ᠰᠦᠩ ᠤᠯᠤᠰ ᠠᠴᠠ ᠫᠧᠩ ᠳ᠋ᠠ ᠶᠠ ᠮᠣᠩᠭᠤᠯ ᠳᠤ ᠡᠯᠴᠢ ᠪᠠᠷ ᠮᠣᠷᠳᠠᠬᠤ ᠦᠶ᠎ᠡ ᠳᠡᠭᠡᠨ ᠭᠤᠸᠠᠨ ᠱᠠᠨ | ᠠᠭᠤᠯᠠᠨ ᠳᠤ ᠢᠷᠡᠭᠡᠳ ᠲᠠᠯ᠎ᠠ ᠨᠤᠲᠤᠭ ᠤᠨ ᠥᠩᠭᠡ ᠦᠵᠡᠮᠵᠢ ᠵᠢᠴᠢ ᠮᠣᠷᠢ᠂ ᠦᠬᠡᠷ᠂ ᠬᠤᠨᠢ᠂ ᠲᠡᠮᠡᠭᠡ | ᠲᠡᠵᠢᠭᠡᠵᠦ ᠪᠠᠶᠢᠭ᠎ᠠ ᠶᠢ ᠬᠠᠷᠠᠪᠠ᠃ ᠢᠲ᠋ᠠᠯᠢ ᠶᠢᠨ ᠵᠢᠭᠤᠯᠴᠢᠨ ᠮᠠᠷᠺᠤ · ᠫᠤᠯᠤ᠋ 1275 ᠣᠨ ᠳᠤ ᠶᠤᠸᠠᠨ ᠤ | ᠱᠠᠩᠳᠤ ᠳᠤ ᠬᠦᠷᠬᠦ ᠦᠶ᠎ᠡ ᠳᠤ᠂ ᠣᠳᠣ ᠶᠢᠨ ᠵᠦᠸᠧᠽᠢ ᠰᠢᠶᠠᠨ ᠤ ᠬᠢᠵᠠᠭᠠᠷ ᠢᠶᠠᠷ ᠥᠩᠭᠡᠷᠡᠵᠦ᠂ ᠠᠳᠡ ᠮᠠᠰᠢ | ᠣᠯᠠᠨ ᠴᠠᠶᠢᠵᠠ ᠪᠠᠶᠢᠵᠤ ᠨᠡᠯᠢᠶᠡᠳ ᠬᠦᠭᠵᠢᠭᠰᠡᠨ ᠪᠠᠶᠢᠬᠤ ᠶᠢ ᠣᠯᠵᠤ ᠬᠠᠷᠠᠪᠠ᠃ | ᠮᠢᠩ ᠤᠯᠤᠰ ᠶᠢᠨ ᠡᠬᠢᠨ ᠤ ᠦᠶ᠎ᠡ ᠳᠤ ᠬᠤᠩ ᠡᠤ ᠶᠢᠨ ᠨᠡᠶᠢᠮᠠᠳᠤᠭᠠᠷ ᠣᠨ ︵1375 ᠣᠨ︶ ᠳᠤ | ᠣᠳᠣ ᠶᠢᠨ ᠵᠦᠸᠧᠽᠢ ᠰᠢᠶᠠᠨ ᠳᠤ ᠭᠤᠸᠠᠨ ᠱᠠᠨ ᠸᠧᠶ ᠶᠠᠮᠤᠨ ᠢ ᠪᠠᠶᠢᠭᠤᠯᠵᠤ ᠡᠨᠡ ᠭᠠᠵᠠᠷ ᠣᠷᠣᠨ ᠢ | ᠬᠠᠮᠢᠶᠠᠷᠤᠭᠤᠯᠵᠠᠶ᠃ ᠮᠢᠩ ᠤᠯᠤᠰ ᠶᠢᠨ ᠰᠡᠭᠦᠯᠴᠢ ᠶᠢᠨ ᠦᠶ᠎ᠡ ᠳᠤ ᠤᠮᠠᠷᠠᠲᠤ ᠶᠤᠸᠠᠨ ᠤᠯᠤᠰ ᠶᠢᠨ ᠡᠵᠡᠮᠰᠢᠯ | ᠳᠣᠤᠷ᠎ᠠ ᠪᠠᠶᠢᠵᠤ᠂ 1449 ᠣᠨ ᠳᠤ᠂ ᠲᠤᠦ ᠮᠤ᠋ ᠪᠤᠦ ᠶᠢᠨ ᠬᠤᠪᠢᠷᠠᠯᠲᠠ ᠳᠤᠮᠳᠠ ᠮᠢᠩ ᠤᠯᠤᠰ ᠶᠢᠨ ᠶᠢᠨᠽᠦ᠋ᠩ | ᠬᠠᠭᠠᠨ ᠵᠦ ᠴᠢ ᠵᠧᠨ ᠪᠠᠯᠭᠠᠰᠤ ᠸᠠᠯᠠ ᠳᠤ ᠣᠯᠵᠠᠯᠠᠭᠳᠠᠭᠰᠠᠨ ᠤ ᠳᠠᠷᠠᠭ᠎ᠠ᠂ ᠮᠣᠩᠭᠤᠯ ᠸᠠᠯᠠ ᠶᠢᠨ ᠲᠦᠷᠦᠭᠦᠤ ᠶᠢ | ᠳᠠᠭᠠᠵᠤ ᠤᠷᠢᠳ ᠢᠶᠠᠷ ᠶᠡᠷᠡ ᠶᠢᠰᠦᠨ ᠪᠤᠯᠠᠭ᠂ ᠳ᠋ᠦᠸᠠᠨ ᠲᠧᠦ ᠱᠠᠨ ᠠᠭᠤᠯᠠ ︵ᠣᠳᠣ ᠶᠢᠨ ᠵᠦᠸᠧᠽᠢ ᠱᠠᠨ | ᠠᠭᠤᠯᠠ︶ ᠣᠷᠴᠢᠮ ᠪᠠᠶᠢᠵᠤ ᠦᠩᠭᠡᠷᠡᠵᠡᠢ᠃ ᠣᠷᠳᠣᠨ ᠤ ᠬᠡᠮᠡᠷᠯᠢᠭ ᠬᠤᠪᠴᠠᠰᠦᠲᠦ ᠬᠠᠮᠠᠭᠠᠯᠠᠭᠴᠢ ᠶᠢᠨ | ᠰᠤᠷᠭᠠᠭᠤᠯᠢ ᠶᠢᠨ ᠳᠡᠰᠯᠡᠭᠴᠢ ᠶᠤᠸᠠᠨ ᠪᠢᠨ ︽ᠤᠮᠠᠷᠠᠰᠢ ᠳᠠᠶᠢᠯᠠᠭᠰᠠᠨ ᠦᠢᠯᠡ ᠶᠠᠪᠤᠳᠠᠯ︾ ᠭᠡᠳᠡᠭ ᠨᠣᠮ ᠳᠠᠭᠠᠨ | ᠲᠡᠮᠳᠡᠭᠯᠡᠭᠰᠡᠨ ᠢ ᠦᠨᠳᠦᠰᠦᠯᠡᠪᠡᠯ᠄ ︽ ᠶᠢᠰᠦᠳᠦᠭᠡᠷ ᠰᠠᠷ᠎ᠠ ᠶᠢᠨ ᠠᠷᠪᠠᠨ ᠳᠤᠯᠤᠭ᠎ᠠ ᠳᠤ ᠳ᠋ᠦᠸᠠᠨ ᠲᠧᠦ ᠱᠠᠨ | ᠠᠭᠤᠯᠠ ᠳᠤ ᠬᠦᠷᠴᠦ᠂ ᠲᠠᠪᠤᠨ ᠬᠤᠨᠤᠭ ᠰᠠᠭᠤᠵᠤ᠂ ᠮᠥᠨ ᠴᠦ ᠡᠳᠦᠷ ᠪᠦᠷᠢ ᠡᠯᠳᠡᠪ ᠵᠦᠢᠯ ᠤᠨ ᠬᠡᠭᠡᠷ᠎ᠡ ᠶᠢᠨ | ᠦᠨᠦᠷ ᠠᠮᠲᠠ ᠠᠮᠰᠠᠪᠠ︾ ᠭᠡᠪᠡ᠃ ᠵᠢᠩ ᠲᠠᠢ ᠶᠢᠨ ᠲᠡᠷᠢᠭᠦᠨ ᠣᠨ ︵1450 ᠣᠨ︶ ᠳᠤ ᠮᠢᠩ ᠤᠯᠤᠰ ᠠᠴᠠ | ᠬᠠᠭᠠᠨᠲᠤ ᠲᠥᠷᠥ ᠨᠢ ᠮᠣᠩᠭᠤᠯ ᠤᠨ ᠸᠠᠯᠨ ᠠᠶᠢᠮᠠᠭ ᠲᠠᠢ ᠨᠡᠶᠢᠷᠠᠮᠳᠠᠵᠦ᠂ ᠡᠰᠡᠨ ᠬᠠᠭᠠᠨ ᠶᠢᠨᠽᠦ᠋ᠩ ᠬᠠᠭᠠᠨ ᠢ | ᠤᠯᠤᠰ ᠲᠤᠨᠢ ᠪᠤᠴᠠᠭᠠᠪᠠ᠃ ᠵᠢᠶᠠ ᠵᠢᠩ ᠤᠨ ᠬᠤᠷᠢᠨ ᠶᠢᠰᠦᠳᠦᠭᠡᠷ ᠣᠨ ︵1550 ᠣᠨ︶ ᠳᠤ᠂ ᠠᠯᠲᠠᠨ | ᠬᠠᠭᠠᠨ 10 ᠲᠦᠮᠡᠨ ᠴᠡᠷᠢᠭ ᠴᠤᠭᠯᠠᠭᠤᠯᠵᠤ᠂ ᠳ᠋ᠦᠸᠠᠨ ᠲᠧᠦ ᠱᠠᠨ ᠠᠭᠤᠯᠠᠨ ᠳᠤ ᠰᠡᠷᠭᠡᠶᠢᠯᠡᠨ ᠰᠠᠭᠤᠵᠤ᠂ ᠶᠠᠨ | ᠮᠧᠨ ᠭᠤᠸᠠᠨ ᠪᠣᠭᠤᠮᠲᠠ ᠵᠦᠭ ᠬᠥᠭᠵᠢᠭᠦᠯᠬᠦ ᠪᠠᠷ ᠤᠷᠤᠯᠳᠤᠪᠠ᠃ ᠡᠴᠦᠰ ᠲᠡᠭᠡᠨ ᠯᠦᠩ ᠴᠢᠩ ᠤᠨ ᠲᠠᠪᠤᠳᠤᠭᠠᠷ | ᠣᠨ ︵1571 ᠣᠨ︶ ᠳᠤ ᠠᠷᠭ᠎ᠠ ᠪᠤᠰᠤ ᠮᠣᠩᠭᠤᠯ ᠮᠢᠩ ᠤᠯᠤᠰ ᠠᠴᠠ ᠨᠠᠶᠢᠷᠠᠮᠳᠠᠯ ᠢ ᠬᠡᠷᠡᠭᠵᠢᠭᠦᠯᠵᠦ᠂ ᠠᠯᠲᠠᠨ | ᠬᠠᠭᠠᠨ ᠢ ᠱᠦᠨ ᠢ ᠸᠠᠩ ᠡᠷᠭᠦᠮᠵᠢᠯᠡᠪᠡ᠃ | ᠴᠢᠩ ᠤᠯᠤᠰ ᠶᠢᠨ ᠡᠩᠬᠡ ᠠᠮᠤᠭᠤᠯᠠᠩ ᠤᠨ ᠠᠷᠪᠠᠨ ᠳᠥᠷᠪᠡᠳᠦᠭᠡᠷ ᠣᠨ ︵1675 ᠣᠨ︶ ᠳᠤ᠂ | ᠮᠣᠩᠭᠤᠯ ᠤᠨ ᠴᠠᠬᠠᠷ ᠪᠠᠷᠠᠭᠤᠨ ᠭᠠᠷᠤᠨ ᠬᠥᠪᠡᠭᠡᠲᠦ ᠬᠥᠬᠡ ᠬᠤᠰᠢᠭᠤ᠂ ᠬᠥᠪᠡᠭᠡᠲᠦ ᠤᠯᠠᠭᠠᠨ ᠬᠤᠰᠢᠭᠤ᠂ | ᠰᠢᠯᠤᠭᠤᠨ ᠤᠯᠠᠭᠠᠨ ᠬᠤᠰᠢᠭᠤ ᠶᠢ ᠣᠳᠣ ᠶᠢᠨ ᠵᠦᠸᠧᠽᠢ ᠰᠢᠶᠠᠨ ᠤ ᠬᠢᠵᠠᠭᠠᠷ ᠲᠤ ᠨᠡᠭᠦᠯᠭᠡᠨ ᠮᠠᠯᠵᠢᠵᠤ᠂ ᠲᠩᠷᠢ | ᠲᠡᠳᠬᠦᠭᠴᠢ ᠬᠠᠭᠠᠨ ︵1750 ᠣᠨ︶ ᠳᠤ ᠬᠢᠲᠠᠳ ᠠᠷᠠᠳ ᠤᠨ ᠣᠷᠣᠵᠤ ᠢᠷᠡᠬᠦ ᠶᠢ ᠳᠠᠭᠠᠯᠳᠤᠨ᠂ ᠲᠤᠰ ᠭᠠᠵᠠᠷ | ᠣᠷᠣᠨ ᠨᠢ ᠬᠢᠲᠠᠳ ᠠᠷᠠᠳ ᠤᠨ ᠨᠢᠩᠶᠤᠸᠠᠨ ᠲᠢᠩᠬᠢᠮ ᠳᠤ ᠬᠠᠷᠢᠶᠠᠯᠠᠭᠳᠠᠪᠠ᠃ ᠡᠨᠡ ᠬᠤᠭᠤᠷᠣᠨᠳᠣ ᠡᠩᠬᠡ | ᠠᠮᠤᠭᠤᠯᠠᠩ ᠤᠨ ᠬᠤᠷᠢᠨ ᠳᠣᠯᠣᠳᠤᠭᠠᠷ ᠣᠨ ︵1688 ᠣᠨ︶ ᠤ ᠲᠠᠪᠤᠨ ᠰᠠᠷ᠎ᠠ ᠶᠢᠨ ᠠᠷᠪᠠᠨ ᠲᠠᠪᠤᠨ ᠳᠤ᠂ | ᠴᠢᠩ ᠤᠯᠤᠰ ᠠᠴᠠ ᠰᠠᠶᠢᠳ ᠴᠢᠶᠠᠨ ᠯᠢᠶᠠᠩ ᠵᠧ ᠰᠤᠸᠠᠲ᠋ᠦ᠋ ᠰᠠᠶᠢᠳ ᠢ ᠲᠠᠭᠠᠨ ᠣᠷᠣᠰ ᠲᠠᠢ ᠨᠡᠪᠲᠡᠷᠡᠵᠦ | ᠪᠠᠶᠢᠬᠤ ᠳᠠᠭᠠᠨ ᠣᠳᠣ ᠶᠢᠨ ᠵᠦᠸᠧᠽᠢ ᠰᠢᠶᠠᠨ ᠢᠶᠠᠷ ᠥᠩᠭᠡᠷᠡᠨ᠂ ᠡᠨᠡ ᠤᠳᠠᠭ᠎ᠠ ᠪᠣᠭᠤᠮᠲᠠ ᠭᠠᠷᠤᠭᠰᠠᠨ ᠶᠠᠪᠤᠳᠠᠯ ᠢ | ᠲᠡᠭᠦᠨ ᠤ ︽ᠪᠣᠭᠤᠮᠲᠠ ᠭᠠᠷᠤᠭᠰᠠᠨ ᠲᠡᠮᠳᠡᠭᠯᠡᠯ︾ ᠳᠤ ᠲᠡᠮᠳᠡᠭᠯᠡᠵᠡᠶ᠃ ᠪᠠᠰᠠ ᠵᠦᠸᠧᠽᠢ ᠱᠠᠨ ᠢ᠄ ︽ᠬᠤᠶᠠᠷ | ᠠᠭᠤᠯᠠ ᠰᠦᠷᠯᠢᠭ ᠰᠦᠨᠳᠡᠷᠯᠡᠵᠦ᠂ ᠣᠷᠣᠢ ᠨᠢ ᠲᠠᠮᠠᠭ᠎ᠠ ᠮᠡᠲᠦ ᠳᠦᠷᠪᠡᠯᠵᠢᠨ᠂ ᠳᠣᠤᠷ᠎ᠠ ᠲᠠᠯ᠎ᠠ ᠠᠴᠠ ᠨᠢ | ᠪᠠᠷᠠᠯᠠᠬᠤᠶ᠎ᠠ ᠴᠢᠯᠠᠭᠤᠨ ᠬᠤᠲᠠ ᠮᠡᠲᠦ ︾ ︽ᠬᠤᠷᠢ ᠭᠠᠷᠤᠶ ᠭᠠᠵᠠᠷ ᠶᠠᠪᠤᠵᠤ᠂ ᠵᠠᠮ ᠤᠨ ᠬᠠᠵᠠᠭᠤ ᠳᠤ ᠭᠤᠤᠯ | ᠤᠷᠤᠰᠴᠤ᠂ ᠲᠤᠩᠭᠠᠯᠠᠭ ᠴᠡᠭᠡᠯᠬᠡᠨ ᠪᠠᠶᠢᠯ᠎ᠠ ᠁︾ ᠴᠢᠶᠠᠨ ᠯᠢᠶᠠᠩ ᠵᠧ ᠲᠠᠢ ᠬᠠᠮᠲᠤ ᠶᠠᠪᠤᠵᠤ ᠪᠠᠶᠢᠭᠰᠠᠨ | ᠵᠠᠩ ᠫᠧᠩ ᠰᠢᠶᠦ᠋ᠨ ︽ᠭᠤᠪᠢ ᠶᠢᠨ ᠠᠷᠤ ᠶᠢᠨ ᠬᠠᠶᠢᠭᠤᠯ︾ ᠲᠠᠭᠠᠨ᠄ ︽ ᠬᠠᠵᠠᠭᠤ ᠪᠠᠷ ᠬᠠᠪᠲᠠᠭᠠᠢ ᠠᠭᠤᠯᠠ | ᠬᠦᠨᠳᠡᠯᠡᠰᠢᠨ᠂ ᠬᠤᠲᠠ ᠶᠢᠨ ᠬᠤᠷᠮᠣᠶ ᠪᠠᠷ ᠮᠣᠷᠢᠨ ᠳᠣᠪᠲᠣᠯᠤᠭ᠎ᠠ ᠪᠠᠷ ᠪᠠᠷᠠᠭᠠᠯᠠᠨ ᠬᠠᠷᠠᠬᠤ ᠳᠤ ᠭᠠᠭᠴᠠ ᠬᠦ | ᠴᠠᠶᠢᠵᠠ ᠬᠤᠪᠠᠭ᠋ᠠᠶ ᠡᠪᠡᠰᠦ ᠯᠡ ᠪᠠᠶᠢᠮᠤᠶ︾ ᠭᠡᠵᠡᠢ᠃ ᠡᠩᠬᠡ ᠠᠮᠤᠭᠤᠯᠠᠩ ᠤᠨ ᠭᠤᠷᠪᠠᠳᠤᠭᠠᠷ ᠣᠨ ︵1693 | ᠣᠨ︶ ᠳᠤ ᠴᠢᠩ ᠤᠯᠤᠰ ᠶᠢᠨ ᠵᠠᠰᠠᠭ ᠤᠨ ᠭᠠᠵᠠᠷ ᠥᠪᠥᠷ ᠮᠣᠩᠭᠤᠯ ᠤᠨ ᠬᠢᠯᠢ ᠳᠣᠲᠣᠷ᠎ᠠ 5 ᠵᠠᠮ ᠤᠨ | ᠥᠷᠲᠡᠭᠡ ᠪᠠᠶᠢᠭᠤᠯᠵᠤ᠂ ᠴᠢᠭᠤᠯᠤᠯᠲᠤ ᠬᠠᠭᠠᠯᠭ᠎ᠠ ᠠᠴᠠ ᠴᠢᠪᠠᠭ᠎ᠠ ᠶᠢᠨ ᠬᠤᠲᠠ ︵ ᠬᠦᠬᠡᠬᠤᠲᠠ ᠶᠢᠨ ᠬᠠᠭᠤᠴᠢᠨ | ᠬᠤᠲᠠ︶ ᠬᠦᠷᠲᠡᠯ᠎ᠡ ᠴᠦᠮ ᠬᠢᠯᠢ ᠲᠤᠲᠤᠷ᠎ᠠ ᠪᠠᠶᠢᠨ᠎ᠠ᠃ ᠡᠩᠬᠡ ᠠᠮᠤᠭᠤᠯᠠᠩ ᠤᠨ ᠭᠤᠴᠢᠨ ᠲᠠᠪᠤᠳᠤᠭᠠᠷ ᠣᠨ ︵ | 1696 ᠣᠨ︶ ᠤ 9 ᠰᠠᠷ᠎ᠠ ᠶᠢᠨ 19 ᠤ ᠡᠳᠦᠷ ︵ᠠᠷᠭ᠎ᠠ ᠶᠢᠨ ᠤᠯᠠᠷᠢᠯ ᠤᠨ 10 ᠰᠠᠷ᠎ᠠ ᠶᠢᠨ 14 ᠤ ᠡᠳᠦᠷ︶ | ᠤ ᠡᠳᠦᠷ ᠡᠩᠬᠡ ᠠᠮᠤᠭᠤᠯᠠᠩ ᠬᠠᠭᠠᠨ ᠨᠠᠶᠢᠮᠠᠨ ᠬᠤᠰᠢᠭᠤᠨ ᠤ ᠳᠠᠷᠤᠭ᠎ᠠ ᠪᠠᠶᠢᠯᠳᠤᠭᠴᠢ 2390 ᠬᠥᠮᠦᠨ ᠵᠢᠴᠢ | ᠪᠢᠴᠢᠭ ᠴᠡᠷᠢᠭ ᠤᠨ ᠶᠡᠭᠡ ᠰᠠᠶᠢᠳ ᠢ ᠪᠡᠭᠡᠵᠢᠩ ᠠᠴᠠ ᠳᠠᠭᠠᠭᠤᠯᠤᠨ ᠭᠠᠷᠴᠤ᠂ ᠬᠠᠭᠠᠨ ᠤ ᠤᠤᠭᠠᠨ ᠬᠥᠪᠡᠭᠦᠨ | ᠶᠦᠨ ᠰᠢᠤᠢ᠂ ᠬᠠᠭᠠᠨ ᠤ ᠭᠤᠷᠪᠠᠳᠤᠭᠠᠷ ᠬᠥᠪᠡᠭᠦᠨ ᠶᠦᠨ ᡁᠢ᠂ ᠬᠠᠭᠠᠨ ᠤ ᠨᠡᠶᠢᠮᠠᠳᠤᠭᠠᠷ ᠬᠥᠪᠡᠭᠦᠨ ᠶᠦᠨ ᠴᠢ | ᠳᠠᠭᠠᠭᠤᠯᠤᠨ ᠤᠮᠠᠷᠠᠲᠤ ᠴᠠᠶᠢᠵᠠ ᠪᠠᠷ ᠲᠣᠭᠤᠷᠢᠨ ᠶᠠᠪᠤᠵᠤ᠂ ᠴᠡᠷᠢᠭ ᠤᠨ ᠶᠠᠪᠤᠳᠠᠯ ᠢ ᠬᠠᠮᠢᠶᠠᠷᠴᠤ ᠪᠠᠶᠢᠬᠤ ᠳᠠᠭᠠᠨ | ᠠᠷᠪᠠᠳᠤᠭᠠᠷ ᠰᠠᠷ᠎ᠠ ᠶᠢᠨ ᠡᠬᠢ ᠪᠠᠷ ︵ᠠᠷᠭ᠎ᠠ ᠶᠢᠨ ᠤᠯᠠᠷᠢᠯ ᠤᠨ 11 ᠰᠠᠷ᠎ᠠ ᠶᠢᠨ ᠡᠬᠢ ᠪᠠᠷ︶ ᠣᠳᠣ ᠶᠢᠨ | ᠵᠦᠸᠧᠽᠢ ᠰᠢᠶᠠᠨ ᠤ ᠮᠠᠭᠠᠶᠢᠲᠦ ᠪᠣᠯᠤᠨ ᠳ᠋ᠠ ᠢᠦᠶ ᠱᠣ᠋ ᠶᠢᠨ ᠬᠤᠶᠢᠲᠤ ᠭᠡᠷ ᠤᠨ ᠬᠠᠪᠢ ᠳᠤ ᠬᠦᠷᠴᠦ᠂ ᠲᠤᠰ | ᠭᠠᠵᠠᠷ ᠤᠨ ᠮᠠᠯ ᠰᠦᠷᠦᠭ ᠨᠢ ᠠᠭᠤᠯᠠᠨ ᠵᠢᠯᠠᠭ᠎ᠠ ᠪᠠᠷ ᠳᠦᠭᠦᠷᠴᠦ᠂ ᠲᠠᠷᠭᠤᠨ ᠴᠢᠭᠢᠷᠠᠭ᠂ ᠥᠩᠭᠡ ᠵᠢᠰᠦ ᠨᠢ ᠮᠠᠰᠢ | ᠰᠠᠶᠢᠨ ᠪᠠᠶᠢᠪᠠ᠃ ᠪᠠᠳᠠᠷᠠᠭᠤᠯᠲᠤ ᠲᠥᠷᠦ ᠶᠢᠨ ᠠᠷᠪᠠᠨ ᠶᠢᠰᠦᠳᠦᠭᠡᠷ ᠣᠨ ︵ᠴᠠᠭᠠᠨ ᠰᠠᠷ᠎ᠠ︶ ᠤ 3 ᠰᠠᠷ᠎ᠠ ᠶᠢᠨ | 17 ᠤ ᠡᠳᠦᠷ᠂ ᠣᠷᠣᠰ ᠤᠨ ᠮᠣᠩᠭᠤᠯ ᠰᠤᠳᠤᠯᠤᠯ ᠤᠨ ᠡᠷᠳᠡᠮᠲᠡᠨ᠂ ᠵᠢᠭᠤᠯᠴᠢᠨ ᠠ᠊ · ᠮ᠊ · ᠫᠣᠲ᠋ᠢᠳ᠋ᠨᠢᠶᠧᠹ | ᠣᠳᠣ ᠶᠢᠨ ᠵᠦᠸᠧᠽᠢ ᠰᠢᠶᠠᠨ ᠤ ᠳ᠋ᠠ ᠢᠦᠶ ᠱᠣ᠋᠂ ᠴᠠᠩ ᠪᠥᠸᠧ ᠯᠠᠩ᠂ ᠡᠤ ᠯᠢ ᠪᠠ᠂ ᠮᠠᠭᠠᠢᠢᠳᠤ᠂ ᠰᠢᠪᠠᠷᠲᠠᠢ | ᠵᠡᠷᠭᠡ ᠭᠠᠵᠠᠷ ᠲᠤ ᠬᠦᠷᠴᠦ ᠰᠢᠨᠵᠢᠯᠡᠨ ᠪᠠᠶᠢᠴᠠᠭᠠᠪᠠ ᠃ | | | ᠨᠠᠶᠢᠷᠠᠭᠤᠯᠤᠭᠴᠢ ᠤᠷᠴᠢᠭᠤᠯᠤᠭᠴᠢ ᠪᠠᠶᠠᠨᠪᠠᠲᠦ |