| 1917 ᠤᠨ ᠤ 6 ᠰᠠᠷ᠎ᠠ ᠳᠤ᠂ ᠤᠮᠠᠷᠠᠳᠤ ᠶᠢᠨ ᠵᠠᠰᠠᠭ ᠤᠨ ᠤᠷᠳᠤᠨ ᠠᠴᠠ ᠿᠧ ᠡᠾᠧ᠂ | ᠰᠦᠢᠶᠤᠸᠠᠨ᠂ ᠴᠠᠬᠠᠷ ᠢ ᠭᠤᠷᠪᠠᠨ ᠤᠨᠴᠠᠭᠠᠢ ᠤᠷᠤᠨ ᠪᠤᠯᠭᠠᠵᠤ᠂ ᠢᠷᠭᠡᠨ ᠤᠯᠤᠰ ᠤᠨ ᠠᠷᠪᠠᠨ ᠳᠤᠯᠤᠳᠤᠭᠠᠷ ᠤᠨ | ︵1928︶ ᠤ ᠶᠢᠰᠤᠨ ᠰᠠᠷ᠎ᠠ ᠳᠤ᠂ ᠭᠤᠮᠢᠨᠳᠠᠩ ᠤᠨ ᠵᠠᠰᠠᠭ ᠤᠨ ᠤᠷᠳᠤᠨ ᠠᠴᠠ ᠭᠤᠷᠪᠠᠨ ᠤᠨᠴᠠᠭᠠᠢ ᠤᠷᠤᠨ ᠢ | ᠮᠤᠵᠢ ᠪᠤᠯᠭᠠᠨ ᠦᠭᠡᠷᠡᠴᠢᠯᠡᠵᠤ ᠴᠠᠬᠠᠷ ᠨᠠᠶᠢᠮᠠᠨ ᠬᠤᠰᠢᠭᠤ ᠶᠢ ᠴᠠᠬᠠᠷ ᠮᠤᠵᠢ ᠳᠤ ᠬᠠᠮᠢᠶᠠᠷᠤᠭᠤᠯᠵᠡᠢ᠃ 1935 | ᠤᠨ ᠳᠤ ᠴᠠᠬᠠᠷ ᠪᠠᠷᠠᠭᠤᠨ ᠭᠠᠷᠤᠨ ᠲᠦᠷᠪᠡᠨ ᠬᠤᠰᠢᠭᠤ ᠶᠢ ᠰᠦᠢᠶᠤᠸᠠᠨ ᠮᠤᠵᠢ ᠳᠤ ᠬᠠᠷᠢᠶᠠᠯᠠᠭᠤᠯᠵᠤ᠂ | ᠲᠡᠤᠬᠡᠨ ᠳᠤ ︽ᠰᠦᠢᠶᠤᠸᠠᠨ ᠤ ᠵᠡᠭᠦᠨ ᠲᠦᠷᠪᠡᠨ ᠬᠤᠰᠢᠭᠤ︾ ᠭᠡᠳᠡᠭ᠃ 1936 ᠤᠨ ᠤ 1 ᠰᠠᠷ᠎ᠠ ᠶᠢᠨ 22 ᠤ | ᠡᠳᠤᠷ᠂ ᠴᠠᠬᠠᠷ ᠠᠶᠢᠮᠠᠭ ᠤᠨ ᠵᠠᠬᠢᠷᠭ᠎ᠠ ᠪᠠᠶᠢᠭᠤᠯᠤᠭᠳᠠᠪᠠ᠃ ᠡᠩᠬᠡ ᠠᠮᠤᠭᠤᠯᠠᠩ ᠬᠠᠭᠠᠨ ᠤ ᠠᠷᠪᠠᠨ ᠳᠦᠷᠪᠡᠳᠤᠭᠡᠷ | ᠤᠨ ᠳᠤ᠂ ᠮᠠᠨᠵᠤ ᠴᠢᠩ ᠤᠨ ᠲᠦᠷᠦ ᠤᠤᠯ ᠤᠨ ᠴᠠᠬᠠᠷ ᠠᠶᠢᠮᠠᠭ ᠤᠨ ᠰᠠᠭᠤᠷᠢᠰᠢᠵᠤ ᠪᠠᠶᠢᠭ᠎ᠠ ᠭᠠᠵᠠᠷ ᠢᠵᠸᠤ ᠶᠢ | ᠬᠤᠷᠢᠶᠠᠨ ᠠᠪᠴᠤ᠂ ᠴᠠᠬᠠᠷ ᠵᠠᠰᠠᠭ ᠬᠤᠰᠢᠭᠤᠨ ᠤ ᠳᠦᠷᠢᠮ ᠢ ᠦᠭᠡᠶᠢᠰᠭᠡᠵᠤ ᠠᠷᠠᠳ ᠤᠯᠠᠨ ᠢ ᠰᠢᠶᠤᠸᠠᠨ ᠬᠤᠸᠠ᠂ | ᠳ᠋ᠠᠢ ᠲᠦᠩ ᠤᠨ ᠠᠷᠤ ᠳᠤ ᠰᠢᠯᠵᠢᠭᠦᠯᠵᠦ᠂ ᠤᠤᠯ ᠤᠨ ᠠᠳᠡ ᠰᠠᠭᠤᠭ᠎ᠠ ᠨᠠᠶᠢᠮᠠᠨ ᠬᠤᠰᠢᠭᠤ ᠴᠠᠬᠠᠷ ᠲᠠᠢ | ᠨᠡᠶᠢᠯᠡᠭᠦᠯᠦᠨ᠂ ᠴᠠᠬᠠᠷ ᠨᠠᠶᠢᠮᠠᠨ ᠬᠤᠰᠢᠭᠤ ᠶᠢ ᠪᠠᠶᠢᠭᠤᠯᠵᠤ ᠵᠡᠭᠦᠨ ᠪᠠᠷᠠᠭᠤᠨ ᠭᠠᠷ ᠲᠤᠰᠪᠦᠷᠢ ᠳᠦᠷᠪᠡᠨ ᠬᠤᠰᠢᠭᠤ | ᠪᠤᠯᠭᠠᠨ ᠪᠠᠶᠢᠷᠢᠯᠠᠭᠤᠯᠪᠠ᠃ ᠳᠠᠶᠢᠨ ᠤ ᠤᠨᠤᠭ᠎ᠠ ᠪᠤᠯᠤᠨ ᠬᠠᠭᠠᠨ ᠤᠷᠳᠤᠨ ᠤ ᠤᠯᠠᠭᠠᠨ ᠴᠠᠭᠠᠨ ᠢᠳᠡᠭᠡ ᠶᠢ | ᠬᠠᠩᠭᠠᠬᠤ ᠬᠡᠷᠡᠭᠴᠡᠭᠡᠨ ᠠᠴᠠ ᠴᠠᠬᠠᠷ ᠨᠠᠶᠢᠮᠠᠨ ᠬᠤᠰᠢᠭᠤᠨ ᠠᠴᠠ ᠡᠷᠤᠬᠡ ᠳᠠᠲᠠᠵᠤ᠂ ᠳᠦᠷᠪᠡᠨ ᠶᠡᠭᠡ ᠮᠠᠯᠵᠢᠬᠤ | ᠰᠦᠷᠦᠭ ᠪᠠᠶᠢᠭᠤᠯᠵᠡᠢ᠃ ᠲᠤᠬᠠᠶᠢᠯᠠᠪᠡᠯ ᠱᠠᠩᠳᠤ ᠠᠳᠤᠭᠤᠨ ᠰᠦᠷᠦᠭ᠂ ᠮᠢᠩᠭᠠᠨ ᠦᠬᠡᠷ ᠬᠤᠨᠢᠨ ᠰᠦᠷᠦᠭ᠂ | ᠲᠠᠶᠢᠹᠦᠰᠧ ᠪᠠᠷᠠᠭᠤᠨ ᠭᠠᠷᠤᠨ ᠰᠦᠷᠦᠭ᠂ ᠲᠠᠶᠢᠹᠦᠰᠧ ᠵᠡᠭᠦᠨ ᠭᠠᠷᠤᠨ ᠰᠦᠷᠦᠭ ᠪᠠᠶᠢᠵᠤ ᠴᠠᠬᠠᠷ ᠨᠠᠶᠢᠮᠠᠨ | ᠬᠤᠰᠢᠭᠤ ᠲᠠᠢ ᠬᠠᠮᠲᠤ ᠳᠤᠨᠢ ᠠᠷᠪᠠᠨ ᠬᠤᠶᠠᠷ ᠬᠤᠰᠢᠭᠤ ᠰᠦᠷᠦᠭ ᠭᠡᠳᠡᠭ᠃ | ᠴᠠᠬᠠᠷ ᠲᠦᠷᠪᠡᠨ ᠰᠦᠷᠦᠭ ᠨᠢ ᠵᠢᠯ ᠪᠦᠷᠢ ᠬᠠᠭᠠᠨ ᠤᠷᠳᠤᠨ ᠳᠤ ᠰᠢᠷ᠎ᠠ ᠳᠤᠰᠤ 16327 ᠵᠢᠩ᠂ | ᠬᠤᠷᠤᠳ ᠦᠷᠤᠮ᠎ᠡ 7268 ᠵᠢᠩ ᠡᠷᠭᠦᠨ᠂ ᠬᠤᠨᠢᠨ ᠨᠤᠤᠰᠤ 400 ᠵᠢᠩ ᠳᠤᠰᠢᠶᠠᠳᠠᠭ᠃ ᠳᠦᠷᠪᠡᠨ | ᠰᠦᠷᠦᠭ ᠠᠴᠠ ᠪᠠᠰᠠ ᠡᠯ᠎ᠡ ᠬᠠᠭᠠᠨ ᠤ ᠤᠩᠭᠤᠳ ᠳᠤ ᠳᠠᠬᠢᠯ ᠤᠨ ᠵᠦᠢᠯ ᠬᠠᠩᠭᠠᠳᠠᠭ᠃ ᠵᠢᠯ ᠪᠦᠷᠢ ᠴᠠᠬᠠᠷ | ᠰᠦᠷᠦᠭ ᠬᠤᠰᠢᠭᠤᠳ ᠠᠴᠠ 100 ᠲᠤᠭᠤᠯ ᠲᠠᠢ ᠦᠨᠢᠶ᠎ᠡ ᠰᠤᠩᠭᠤᠵᠤ᠂ ᠬᠠᠩᠰᠢᠨ ᠳᠤ ᠤᠩᠭᠤᠳ ᠢ ᠲᠠᠬᠢᠬᠤ ᠳᠤ | ᠰᠦ ᠰᠠᠭᠠᠬᠤ ᠳᠤ ᠪᠡᠯᠡᠳᠭᠡᠳᠡᠭ᠃ ᠳᠠᠬᠢᠯᠭ᠎ᠠ ᠳᠠᠭᠤᠰᠤᠭᠰᠠᠨ ᠤ ᠳᠠᠷᠠᠭ᠎ᠠ᠂ ᠦᠨᠢᠶᠡᠳ ᠢ ᠪᠤᠴᠠᠭᠠᠨ ᠠᠪᠤᠭᠠᠴᠠᠳᠠᠭ | ᠪᠢᠯᠡ᠃ |