1917 ᠤᠨ ᠤ 6 ᠰᠠᠷ᠎ᠠ ᠳᠤ᠂ ᠤᠮᠠᠷᠠᠳᠤ ᠶᠢᠨ ᠵᠠᠰᠠᠭ ᠤᠨ ᠤᠷᠳᠤᠨ ᠠᠴᠠ ᠿᠧ ᠡᠾᠧ᠂ ᠰᠦᠢᠶᠤᠸᠠᠨ᠂ | ᠴᠠᠬᠠᠷ ᠢ ᠭᠤᠷᠪᠠᠨ ᠤᠨᠴᠠᠭᠠᠢ ᠤᠷᠤᠨ ᠪᠤᠯᠭᠠᠵᠤ᠂ ᠢᠷᠭᠡᠨ ᠤᠯᠤᠰ ᠤᠨ ᠠᠷᠪᠠᠨ ᠳᠤᠯᠤᠳᠤᠭᠠᠷ ᠤᠨ ︵1928︶ | ᠤ ᠶᠢᠰᠤᠨ ᠰᠠᠷ᠎ᠠ ᠳᠤ᠂ ᠭᠤᠮᠢᠨᠳᠠᠩ ᠤᠨ ᠵᠠᠰᠠᠭ ᠤᠨ ᠤᠷᠳᠤᠨ ᠠᠴᠠ ᠭᠤᠷᠪᠠᠨ ᠤᠨᠴᠠᠭᠠᠢ ᠤᠷᠤᠨ ᠢ ᠮᠤᠵᠢ | ᠪᠤᠯᠭᠠᠨ ᠦᠭᠡᠷᠡᠴᠢᠯᠡᠵᠤ ᠴᠠᠬᠠᠷ ᠨᠠᠶᠢᠮᠠᠨ ᠬᠤᠰᠢᠭᠤ ᠶᠢ ᠴᠠᠬᠠᠷ ᠮᠤᠵᠢ ᠳᠤ ᠬᠠᠮᠢᠶᠠᠷᠤᠭᠤᠯᠵᠡᠢ᠃ 1935 ᠤᠨ ᠳᠤ | ᠴᠠᠬᠠᠷ ᠪᠠᠷᠠᠭᠤᠨ ᠭᠠᠷᠤᠨ ᠲᠦᠷᠪᠡᠨ ᠬᠤᠰᠢᠭᠤ ᠶᠢ ᠰᠦᠢᠶᠤᠸᠠᠨ ᠮᠤᠵᠢ ᠳᠤ ᠬᠠᠷᠢᠶᠠᠯᠠᠭᠤᠯᠵᠤ᠂ ᠲᠡᠤᠬᠡᠨ ᠳᠤ ︽ | ᠰᠦᠢᠶᠤᠸᠠᠨ ᠤ ᠵᠡᠭᠦᠨ ᠲᠦᠷᠪᠡᠨ ᠬᠤᠰᠢᠭᠤ︾ ᠭᠡᠳᠡᠭ᠃ 1936 ᠤᠨ ᠤ 1 ᠰᠠᠷ᠎ᠠ ᠶᠢᠨ 22 ᠤ ᠡᠳᠤᠷ᠂ ᠴᠠᠬᠠᠷ | ᠠᠶᠢᠮᠠᠭ ᠤᠨ ᠵᠠᠬᠢᠷᠭ᠎ᠠ ᠪᠠᠶᠢᠭᠤᠯᠤᠭᠳᠠᠪᠠ᠃ 1937 ᠤᠨ ᠤ 10 ᠰᠠᠷ᠎ᠠ ᠳᠤ ︽ᠮᠤᠩᠭᠤᠯ ᠤᠨ ᠬᠤᠯᠪᠦᠭᠠᠲᠤ | ᠦᠪᠡᠷᠳᠡᠭᠡᠨ ᠵᠠᠰᠠᠬᠤ ᠵᠠᠰᠠᠭ ᠤᠨ ᠤᠷᠳᠤᠨ︾ ᠪᠠᠶᠢᠭᠤᠯᠤᠭᠳᠠᠭᠰᠠᠨ ᠤ ᠳᠠᠷᠠᠭ᠎ᠠ᠂ ᠴᠠᠬᠠᠷ ᠵᠡᠭᠦᠨ ᠭᠠᠷᠤᠨ ᠲᠦᠷᠪᠡᠨ | ᠬᠤᠰᠢᠭᠤ ᠵᠢᠴᠢ ᠱᠠᠨᠲᠤ ᠬᠤᠰᠢᠭᠤ᠂ ᠮᠢᠩᠭᠠᠨ ᠬᠤᠰᠢᠭᠤ᠂ ᠲᠠᠶᠢᠪᠦᠰᠧ ᠵᠡᠭᠦᠨ ᠭᠠᠷᠤᠨ ᠬᠤᠰᠢᠭᠤ᠂ ᠲᠠᠶᠢᠪᠦᠰᠧ | ᠪᠠᠷᠠᠭᠤᠨ ᠭᠠᠷᠤᠨ ᠬᠤᠰᠢᠭᠤ ᠶᠢ ᠴᠠᠬᠠᠷ ᠠᠶᠢᠮᠠᠭ ᠲᠤ ᠬᠠᠷᠢᠶᠠᠯᠠᠭᠤᠯᠵᠤ᠂ ᠰᠦᠢᠶᠤᠸᠠᠨ ᠤ ᠵᠡᠭᠦᠨ ᠲᠦᠷᠪᠡᠨ | ᠬᠤᠰᠢᠭᠤ ᠶᠢ ᠪᠠᠶᠠᠨᠲᠠᠯ᠎ᠠ ᠠᠶᠢᠮᠠᠭ ᠳᠤ ᠬᠠᠷᠢᠶᠠᠯᠠᠭᠤᠯᠵᠡᠢ᠃ 1945 ᠤᠨ ᠳᠤ ᠶᠠᠫᠦᠨ ᠪᠠᠭᠤᠵᠤ ᠦᠭᠭᠦᠭᠰᠡᠨ ᠤ | ᠳᠠᠷᠠᠭ᠎ᠠ ᠪᠠᠶᠠᠨᠲᠠᠯ᠎ᠠ ᠠᠶᠢᠮᠠᠭ ᠢ ᠦᠭᠡᠢ ᠪᠤᠯᠭᠠᠪᠠ᠃ 1947 ᠤᠨ ᠤ 5 ᠰᠠᠷ᠎ᠠ ᠶᠢᠨ 1 ᠳᠤ᠂ ᠦᠪᠦᠷ | ᠮᠤᠩᠭᠤᠯ ᠤᠨ ᠦᠪᠡᠷᠳᠡᠭᠡᠨ ᠵᠠᠰᠠᠬᠤ ᠤᠷᠤᠨ ᠪᠠᠶᠢᠭᠤᠯᠤᠭᠳᠠᠵᠤ᠂ ᠴᠠᠬᠠᠷ ᠪᠠᠷᠠᠭᠤᠨ ᠭᠠᠷᠤᠨ ᠳᠦᠷᠪᠡᠨ ᠬᠤᠰᠢᠭᠤ ᠶᠢ | ᠰᠦᠢᠶᠤᠸᠠᠨ ᠮᠤᠵᠢ ᠶᠢᠨ ᠵᠡᠭᠦᠨ ᠳᠦᠷᠪᠡᠨ ᠬᠤᠰᠢᠭᠤᠨ ᠤ ᠬᠡᠷᠡᠭ ᠡᠷᠬᠢᠯᠡᠬᠦ ᠭᠠᠵᠠᠷ ᠲᠤ ᠬᠠᠮᠢᠶᠠᠷᠠᠭᠤᠯᠪᠠ᠃ | 1950 ᠤᠨ ᠤ 1 ᠰᠠᠷ᠎ᠠ ᠶᠢᠨ 20 ᠤ ᠡᠳᠤᠷ ᠰᠦᠢᠶᠤᠸᠠᠨ ᠮᠤᠵᠢ ᠶᠢᠨ ᠠᠷᠠᠳ ᠤᠨ ᠵᠠᠰᠠᠭ ᠤᠨ ᠤᠷᠳᠤᠨ ᠠᠴᠠ | ᠵᠡᠭᠦᠨ ᠳᠦᠷᠪᠡᠨ ᠬᠤᠰᠢᠭᠤᠨ ᠤ ᠬᠡᠷᠡᠭ ᠡᠷᠬᠢᠯᠡᠬᠦ ᠭᠠᠵᠠᠷ ᠢ ᠦᠭᠡᠢ ᠪᠤᠯᠭᠠᠵᠤ᠂ ᠲᠦᠪ ᠬᠤᠰᠢᠭᠤᠨ ᠤ ᠳᠦᠷᠢᠮ ᠢ | ᠬᠡᠷᠡᠭᠵᠢᠭᠦᠯᠦᠨ᠂ ᠭᠦᠯᠦ ᠤᠯᠠᠭᠠᠨ ᠬᠤᠰᠢᠭᠤ ᠪᠠᠷ ᠲᠢᠪ ᠬᠤᠰᠢᠭᠤ ᠪᠤᠯᠭᠠᠨ᠂ ᠮᠤᠵᠢ ᠶᠢᠨ ᠵᠠᠰᠠᠭ ᠤᠨ | ᠤᠷᠳᠤᠨ ᠠᠴᠠ ᠤᠳᠤᠷᠢᠳᠤᠭᠤᠯᠪᠠ᠃ 1952 ᠤᠨ ᠳᠤ ᠴᠠᠬᠠᠷ ᠮᠤᠵᠢ ᠶᠢ ᠦᠭᠡᠢ ᠪᠤᠯᠭᠠᠪᠠ᠂ 1954 ᠤᠨ ᠤ | 3 ᠰᠠᠷ᠎ᠠ ᠶᠢᠨ 19 ᠳᠤ᠂ ᠰᠦᠢᠶᠤᠸᠠᠨ ᠮᠤᠵᠢ ᠪᠠ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠢ | ᠬᠠᠮᠲᠤᠷᠠᠭᠤᠯᠤᠭᠠᠳ᠂ ᠰᠦᠢᠶᠤᠸᠠᠨ ᠮᠤᠵᠢ ᠶᠢ ᠦᠭᠡᠢ ᠪᠤᠯᠭᠠᠪᠠ᠃ ᠲᠤᠰ ᠰᠠᠷ᠎ᠠ ᠳᠤ᠂ ᠵᠡᠭᠦᠨ ᠳᠦᠷᠪᠡᠨ | ᠬᠤᠰᠢᠭᠤᠨ ᠤ ᠲᠦᠪ ᠬᠤᠰᠢᠭᠤ ᠶᠢ ᠦᠭᠡᠢ ᠪᠤᠯᠭᠠᠵᠤ᠂ ᠴᠠᠬᠠᠷ ᠪᠠᠷᠠᠭᠤᠨ ᠭᠠᠷ ᠡᠮᠤᠨᠡᠳᠤ ᠬᠤᠰᠢᠭᠤ᠂ ᠴᠠᠬᠠᠷ | ᠪᠠᠷᠠᠭᠤᠨ ᠭᠠᠷᠤᠨ ᠳᠤᠮᠳᠠ ᠬᠤᠰᠢᠭᠤ᠂ ᠴᠠᠬᠠᠷ ᠪᠠᠷᠠᠭᠤᠨ ᠬᠤᠶᠢᠲᠤ ᠬᠤᠰᠢᠭᠤ ᠶᠢ ᠪᠠᠶᠢᠭᠤᠯᠵᠡᠢ᠃ 1958 | ᠤᠨ ᠳᠤ ᠴᠠᠬᠠᠷ ᠠᠶᠢᠮᠠᠭ ᠢ ᠰᠢᠯᠢ ᠶᠢᠨ ᠭᠤᠤᠯ ᠠᠶᠢᠮᠠᠭ ᠲᠤ ᠪᠠᠭᠲᠠᠭᠠᠨ᠂ ᠴᠠᠬᠠᠷ ᠪᠠᠷᠠᠭᠤᠨ ᠭᠠᠷᠤᠨ ᠳᠦᠷᠪᠡᠨ | ᠬᠤᠰᠢᠭᠤ ᠶᠢ ᠤᠯᠠᠭᠠᠨᠴᠠᠪ ᠠᠶᠢᠮᠠᠭ ᠲᠤ ᠪᠠᠭᠲᠠᠭᠠᠵᠠᠢ᠃ |