| | ᠬᠤᠩ ᠵᠤᠤ ᠰᠢᠶᠠᠩ ᠤᠨ ᠴᠠᠭᠠᠨ ᠤᠪᠤᠭ᠎ᠠ ᠠᠴᠠ ᠴᠢ ᠰᠢᠶᠠ ᠶᠢᠩ ᠪᠠᠯᠭᠠᠰᠤ ᠬᠦᠷᠲᠡᠯ᠎ᠡ᠂ ᠦᠵᠡᠰᠬᠦᠯᠡᠩᠲᠦ | ᠰᠠᠶᠢᠬᠠᠨ ᠠᠭᠤᠯᠠ ᠤᠰᠤ ᠲᠠᠢ ᠥᠩᠭᠡ ᠦᠵᠡᠮᠵᠢ ᠭᠤᠶᠤ ᠰᠠᠶᠢᠬᠠᠨ ᠭᠠᠵᠠᠷ ᠢᠶᠠᠷ ᠥᠩᠭᠡᠷᠡᠬᠦ ᠬᠡᠷᠡᠭᠲᠡᠶ᠂ ᠡᠨᠡ ᠪᠣᠯ | ᠳᠠᠷᠤᠶ ᠬᠤᠪᠢᠰᠬᠠᠯ ᠤᠨ ᠰᠠᠭᠤᠷᠢᠨ ᠭᠠᠵᠠᠷ ᠡᠯᠡᠰᠦᠨ ᠴᠦᠯ ᠪᠤᠯᠤᠨ ᠲᠠᠪᠤᠨ ᠳᠣᠬᠠᠢ ᠪᠣᠯᠤᠨ᠎ᠠ᠃ | ᠥᠩᠭᠡᠷᠡᠭᠡᠭᠰᠡᠨ ᠳᠤ᠂ ᠨᠠᠢᠮᠠᠳᠤᠭᠠᠷ ᠵᠠᠮ ᠤᠨ ᠴᠡᠷᠢᠭ ᠤᠨ ᠫᠠᠷᠲ᠋ᠢᠽᠠᠨ ᠠᠩᠭᠢ ᠶᠢᠨ ᠡᠨᠡᠬᠦ ᠪᠠᠶᠢᠭᠠᠯᠢ ᠶᠢᠨ ᠭᠠᠵᠠᠷ | ᠵᠦᠶ ᠶᠢᠨ ᠳᠠᠪᠠᠭᠤᠯᠢᠭ ᠲᠠᠯ᠎ᠠ ᠢ ᠠᠰᠢᠭᠯᠠᠨ ᠦᠷᠭᠦᠯᠵᠢ ᠡᠨᠡ ᠣᠷᠴᠢᠮ ᠢᠶᠠᠷ ᠬᠦᠳᠡᠯᠭᠡᠭᠡᠨ ᠬᠢᠵᠦ ᠪᠠᠶᠢᠪᠠ᠃ | ᠳᠡᠭᠡᠷᠡᠮ᠂ ᠶᠠᠪᠤᠭᠤᠯ ᠳᠡᠭᠡᠷᠡᠮ ᠴᠦ ᠠᠳᠡ ᠦᠷᠭᠦᠯᠵᠢ ᠨᠠᠰᠢ ᠴᠠᠰᠢ ᠶᠠᠪᠤᠳᠠᠭ᠂ ᠢᠯᠠᠩᠭᠤᠶ᠎ᠠ ᠳᠡᠭᠡᠷᠡᠮ ᠤᠨ | ᠲᠦᠷᠦᠭᠦᠦ ᠮᠥ᠋ ᠵᠢᠢ ︽ᠤᠷᠳᠤ ᠬᠠᠷᠢ ᠶᠢᠨ ᠫᠤᠤ ᠣᠬᠤᠷ ᠢᠯᠳᠦ᠂ ᠣᠬᠤᠷ ᠪᠤᠰᠤ ᠬᠠᠷᠢ ᠶᠢᠨ ᠫᠤᠤ ᠪᠠᠨ ᠡᠮᠡᠭᠡᠯ | ᠳᠡᠭᠡᠷ᠎ᠡ ᠠᠴᠠ ᠠᠪᠴᠤ ᠶᠠᠪᠤᠳᠠᠭ︾ ᠭᠡᠳᠡᠭᠴᠢᠯᠡᠨ᠂ ᠨᠢᠭᠡ ᠦᠶ᠎ᠡ ᠬᠥᠨᠳᠡᠯᠡᠨ ᠭᠤᠯᠳᠤ ᠠᠭᠠᠰᠢᠯᠠᠳᠠᠭ ᠪᠠᠶᠢᠯ᠎ᠠ᠂ | ᠲᠡᠭᠦᠨ ᠤ ᠰᠥᠰᠥ ᠵᠣᠷᠢᠭ ᠪᠠ ᠫᠤᠤᠳᠠᠬᠤ ᠡᠷᠳᠡᠮ ᠨᠢ ᠬᠥᠮᠦᠨ ᠠᠴᠠ ᠭᠡᠲᠦᠷᠡᠭᠰᠡᠨ ᠲᠤᠯᠠ ᠨᠠᠢᠮᠠᠳᠤᠭᠠᠷ ᠵᠠᠮ ᠤᠨ | ᠴᠡᠷᠢᠭ ᠲᠡᠭᠦᠨ ᠢ ᠪᠠᠷᠢᠵᠤ ᠠᠪᠬᠤ ᠳᠤ ᠲᠡᠶᠢᠮᠦ ᠬᠢᠯᠪᠠᠷ ᠪᠢᠰᠢ᠂ ᠰᠡᠭᠦᠯᠡᠷ ᠨᠢ ᠯᠢᠦ ᠶᠧ ᠦᠬᠢᠨ ᠲᠡᠭᠦᠨ ᠢ ᠪᠠᠷᠢᠵᠤ | ᠠᠪᠤᠪᠠ᠃ ᠲᠤᠬᠠᠶ ᠶᠢᠨ ᠦᠶ᠎ᠡ ᠳᠤ ︽ ᠴᠢ ᠰᠢᠶᠠ ᠶᠢᠩ ᠶᠢᠨ ᠴᠠᠭᠠᠨ ᠨᠤᠭᠤᠭ᠎ᠠ ᠲᠠᠪᠤᠨ ᠳᠣᠬᠠᠢ ᠶᠢᠨ ᠰᠣᠩᠭᠢᠨ᠎ᠠ | ᠂ ᠡᠯᠡᠰᠦᠨ ᠴᠦᠯ ᠤᠨ ᠯᠢᠦ ᠶᠧ ᠬᠥᠮᠦᠨ ᠢ ᠬᠤᠤᠷᠳᠠᠭᠤᠯᠳᠠᠭ︾ ᠭᠡᠰᠡᠨ ᠠᠷᠠᠳ ᠤᠨ ᠳᠠᠭᠤᠤ ᠳᠡᠯᠭᠡᠷᠡᠵᠦ ᠪᠠᠶᠢᠳᠠᠭ᠃ | ᠯᠢᠦ ᠶᠧ ᠦᠬᠢᠨ ᠤ ᠬᠥᠮᠦᠨ ᠴᠢᠨᠠᠷ ᠤᠯᠠᠨ ᠠᠴᠠ ᠴᠣᠯᠭᠤᠷᠠᠵᠤ᠂ ᠳᠡᠭᠡᠷᠡᠮ ᠤᠨ ᠲᠦᠷᠦᠭᠦᠦ ᠮᠥ᠋ ᠵᠢᠢ | ᠰᠢᠯᠦᠰᠦ ᠪᠠᠨ ᠭᠤᠭᠤᠵᠢᠭᠤᠯᠤᠭᠠᠳ ᠨᠡᠯᠢᠶᠡᠳ ᠤᠳᠠᠵᠠᠶ᠂ ᠨᠢᠭᠡ ᠡᠳᠦᠷ ᠨᠠᠢᠮᠠᠳᠤᠭᠠᠷ ᠵᠠᠮ ᠤᠨ ᠴᠡᠷᠢᠭ ᠲᠡᠭᠦᠨ ᠤ | ᠭᠡᠷ ᠲᠤ ᠪᠦᠭᠭᠦᠵᠦ᠂ ᠳᠡᠭᠡᠷᠡᠮ ᠤᠨ ᠲᠦᠷᠦᠭᠦᠦ ᠮᠥ᠋ ᠵᠢᠢ ᠢᠷᠡᠮᠡᠭᠴᠡ ᠯᠢᠦ ᠶᠧ ᠦᠬᠢᠨ ᠬᠠᠯᠠᠭᠤᠨ | ᠰᠡᠳᠬᠢᠯᠭᠡ ᠲᠠᠢ ᠪᠠᠷ ᠲᠡᠭᠦᠨ ᠢ ᠬᠠᠭᠤᠷᠴᠦ ᠲᠠᠯᠪᠢᠬᠤ ᠦᠭᠡᠢ ᠦᠶ᠎ᠡ ᠳᠤ ᠪᠦᠭᠭᠦᠭᠰᠡᠨ ᠴᠡᠷᠢᠭ ᠨᠢᠭᠤᠴᠠ ᠳᠣᠬᠢᠶᠠᠨ ᠤ | ᠳᠠᠭᠤᠨ ᠰᠣᠨᠣᠰᠳᠠᠵᠤ᠂ ᠡᠨᠡᠬᠦ ᠮᠠᠭᠤ ᠠᠮᠢᠲᠠᠨ ᠢ ᠪᠠᠷᠢᠵᠤ᠂ ᠡᠨᠡᠬᠦ ᠬᠤᠤᠷ ᠤᠨ ᠦᠨᠳᠦᠰᠦ ᠶᠢ ᠡᠪᠳᠡᠵᠡᠶ᠃ | | | | ᠲᠠᠪᠤᠨ ᠳᠣᠬᠠᠢ ᠶᠢᠨ ᠭᠤᠴᠣ ᠰᠠᠢᠬᠠᠨ ᠪᠠᠶᠢᠭᠠᠯᠢ ᠶᠢᠨ ᠦᠵᠡᠮᠵᠢ ᠬᠤᠯᠠ ᠦᠷ᠎ᠡ ᠳᠠᠭᠠᠨ ᠠᠯᠳᠠᠷᠰᠢᠵᠤ ᠂ | ᠬᠤᠶᠠᠷ ᠲᠠᠯ᠎ᠠ ᠪᠠᠷ ᠨᠢ ᠠᠰ ᠰᠢᠯᠤᠭᠤᠨ ᠠᠭᠤᠯᠠᠰ ᠰᠦᠨᠳᠦᠷᠯᠡᠵᠦ᠂ ᠶᠠᠭ ᠯᠠ ᠬᠤᠶᠠᠷ ᠤᠷᠲᠤ ᠯᠣᠤ ᠮᠡᠲᠦ ᠪᠠᠶᠢᠳᠠᠭ | ᠃ ᠨᠢᠭᠡᠨ ᠵᠤᠷᠪᠤᠰ ᠮᠤᠷᠤᠶ ᠰᠠᠷᠤᠶ᠂ ᠲᠣᠯᠢ ᠮᠡᠲᠦ ᠲᠤᠩᠭᠠᠯᠠᠭ ᠵᠢᠵᠢᠭ ᠭᠤᠤᠯ ᠬᠤᠶᠠᠷ ᠠᠭᠤᠯᠠ ᠶᠢᠨ ᠳᠤᠮᠳᠠᠭᠤᠷ | ᠤᠷᠤᠰᠤᠨ ᠥᠩᠭᠡᠷᠡᠵᠦ᠂ ᠲᠡᠭᠦᠯᠳᠡᠷ ᠬᠤᠭᠤᠷ ᠬᠥᠭᠵᠢᠮᠳᠡᠬᠦ ᠮᠡᠲᠦ ᠳᠠᠭᠤᠨ ᠭᠠᠷᠴᠤ᠂ ᠡᠨᠡ ᠬᠦ ᠮᠤᠷᠤᠶ ᠰᠠᠷᠤᠶ | ᠤᠰᠤᠨ ᠭᠤᠷᠤᠬ᠎ᠠ ᠨᠢ ᠶᠢᠰᠦᠨ ᠯᠣᠤ ᠪᠠᠷ ᠪᠦᠷᠢᠯᠳᠦᠵᠦ᠂ ᠯᠣᠤ ᠪᠦᠷᠢ ᠶᠢᠨ ᠠᠮᠠ ᠪᠦᠷᠢ ᠨᠢ ᠲᠤᠩᠭᠠᠯᠠᠭ ᠪᠤᠯᠠᠭ | ᠬᠠᠷᠠᠭᠰᠠᠨ ᠠᠴᠠ ︽ᠵᠢᠦ ᠯᠦᠩ ᠸᠠᠨ ᠪᠤᠯᠤᠩ︾ ᠭᠡᠵᠦ ᠨᠡᠷᠡᠶᠢᠳᠴᠡᠶ᠃ ᠵᠤᠨ ᠨᠠᠮᠤᠷ ᠤᠨ ᠦᠶ᠎ᠡ ᠪᠠᠷ᠂ ᠠᠭᠤᠯᠠᠨ | ᠳᠡᠭᠡᠷᠡᠬᠢ ᠤᠰᠤᠨ ᠤ ᠬᠠᠵᠠᠭᠤ ᠳᠤ᠂ ᠡᠪᠡᠰᠦ ᠪᠡᠯᠴᠢᠭᠡᠷ ᠪᠣᠳᠠ ᠮᠣᠳᠣ ᠢᠭᠴᠤ ᠰᠠᠬᠤᠯᠢᠭ ᠣᠷᠭᠤᠵᠤ᠂ ᠣᠳᠠ | ᠤᠯᠢᠶᠠᠰᠤ ᠨᠡᠯᠤᠶᠢᠵᠦ ᠂ ᠠᠭᠯᠠᠭ ᠠᠭᠤᠯᠠ ᠢᠭᠴᠤ ᠣᠢ ᠳᠤ ᠦᠷᠭᠦᠯᠵᠢ ᠠᠭᠤᠯᠠ ᠦᠨᠡᠭᠡ᠂ ᠲᠠᠤᠯᠠᠶ᠂ ᠰᠢᠷᠠᠨᠤᠳ | ᠵᠡᠷᠭᠡ ᠠᠮᠢᠲᠠᠨ ᠪᠠᠶᠢᠳᠠᠭ᠃ ᠪᠠᠰᠠ ᠵᠠᠷᠢᠮ ᠬᠥᠮᠦᠨ ᠡᠨᠡ ᠭᠠᠵᠠᠷ ᠠᠴᠠ ᠨᠢᠭᠡ ᠠᠷᠠᠭᠠᠯᠢ ᠣᠭᠠᠯᠵᠠ ᠂ ᠢᠷᠪᠢᠰ | ᠪᠣᠯᠤᠨ ᠪᠠᠷᠰ ᠣᠯᠵᠤ ᠬᠠᠷᠠᠵᠠᠢ ᠭᠡᠳᠡᠭ᠃ ᠡᠨᠡ ᠠᠭᠤᠯᠠᠨ ᠳᠡᠭᠡᠷ᠎ᠡ ᠬᠤᠪᠣᠷ ᠨᠠᠨᠳᠢᠨ ᠡᠮ ᠤᠨ ᠮᠠᠲ᠋ᠧᠷᠢᠶᠠᠯ᠂ | ᠭᠤᠶᠤ ᠰᠠᠶᠢᠬᠠᠨ ᠠᠭᠤᠯᠠᠨ ᠴᠡᠴᠡᠭ ᠪᠠ ᠵᠡᠷᠯᠢᠭ ᠵᠢᠮᠢᠰ ᠤᠷᠭᠤᠳᠠᠭ᠃ ᠽᠠᠨᠳᠠᠨ ᠴᠡᠴᠡᠭ᠂ ᠠᠭᠤᠯᠠᠨ ᠤᠳᠪᠠᠯᠠ | ᠴᠡᠴᠡᠭ᠂ ᠵᠡᠷᠯᠢᠭ ᠰᠠᠷᠭᠠᠶ ᠴᠡᠴᠡᠭ ᠭᠠᠵᠠᠷ ᠰᠠᠢ ᠥᠬᠡᠶ ᠬᠠᠷᠠᠭᠳᠠᠳᠠᠭ᠂ ᠪᠠᠰᠠ ᠵᠠᠷᠢᠮ ᠬᠦᠮᠦᠰ ᠤᠶᠢᠷ᠎ᠠ | ᠬᠠᠪᠢ ᠶᠢᠨ ᠠᠭᠤᠯᠠᠨ ᠳᠡᠭᠡᠷ᠎ᠡ ᠠᠴᠠ ︽ᠪᠢᠯᠢᠭᠲᠦ ᠳᠡᠯᠳᠡᠦ︾ ᠶᠢ ᠢᠯᠡᠷᠡᠭᠦᠯᠵᠦ᠂ ᠬᠥᠮᠦᠰ ︽ᠢᠰᠬᠦᠯᠡᠩ ᠦᠰᠦᠲᠦ | ᠭᠦᠢᠯᠡᠰᠦ︾᠂ ︽ᠮᠢᠶᠠᠨᠪᠣᠤ ᠵᠢᠮᠢᠰ︾᠂ ︽ᠲᠣᠰᠣᠨ ᠯᠣᠩᠬᠤ︾᠂ ︽ᠡᠸᠦ ᠯᠢ ᠯᠢ ︾᠂ ︽ᠯᠢᠨ ᠴᠢᠩ ᠴᠢᠩ︾ | ᠪᠣᠯᠤᠨ ︽ᠢᠰᠬᠦᠯᠡᠩ ᠥᠷᠭᠡᠰᠦ︾ ᠵᠡᠷᠭᠡ ᠠᠮᠲᠠᠲᠠᠶ ᠬᠡᠭᠡᠷ᠎ᠡ ᠶᠢᠨ ᠵᠢᠮᠢᠰ ᠢ ᠲᠡᠭᠦᠵᠦ ᠣᠯᠳᠠᠭ᠃ | | | | ᠪᠦᠷᠬᠦᠭ ᠪᠣᠷᠣᠭᠠᠨ ᠮᠠᠨ᠎ᠠ ᠲᠠᠢ ᠡᠳᠦᠷ ᠲᠣᠬᠢᠶᠠᠯᠳᠤᠪᠠᠯ᠂ ᠬᠤᠶᠠᠷ ᠠᠭᠤᠯᠠᠨ ᠣᠷᠭᠢᠯ ᠡᠭᠦᠯᠡ ᠮᠠᠨᠠᠨ ᠤ ᠳᠤᠮᠳᠠ | ᠨᠢᠭᠤᠭᠳᠠᠵᠤ᠂ ᠥᠨᠳᠥᠷ ᠠᠭᠤᠯᠠ ᠳᠣᠤᠷ᠎ᠠ᠂ ᠮᠠᠨ᠎ᠠ ᠳᠡᠭᠳᠡᠵᠦ᠂ ᠬᠥᠮᠦᠰ ᠠᠳᠡ ᠬᠦᠷᠦᠭᠡᠳ ᠣᠴᠢᠪᠠᠯ ᠶᠠᠭ ᠯᠠ | ᠠᠷᠰᠢ ᠶᠢᠨ ᠣᠷᠣᠨ ᠳᠤ ᠤᠷᠤᠭᠰᠠᠨ ᠰᠢᠭ᠋ ᠪᠣᠯᠳᠠᠭ᠃ | ᠲᠠᠪᠤᠨ ᠳᠣᠬᠠᠢ ᠶᠢᠨ ᠦᠵᠡᠮᠵᠢ ᠨᠢ ᠮᠠᠰᠢ ᠣᠯᠠᠨ ᠵᠤᠭᠠᠴᠠᠭᠰᠠᠳ ᠤᠨ ᠪᠠᠭ᠋ᠠᠷᠬᠠᠯ ᠢ ᠲᠠᠲᠠᠵᠤ᠂ ᠠᠳᠡ ᠢᠷᠡᠵᠦ | ᠠᠭᠤᠯᠠ ᠤᠰᠤ ᠪᠠᠷ ᠵᠤᠭᠠᠴᠠᠨ ᠦᠵᠡᠮᠵᠢ ᠰᠣᠨᠢᠷᠬᠠᠨ᠂ ᠴᠡᠴᠡᠭ ᠲᠡᠭᠦᠵᠦ ᠵᠢᠮᠢᠰ ᠲᠡᠭᠦᠬᠦ ᠬᠥᠮᠦᠰ ᠲᠠᠰᠤᠷᠠᠯᠲᠠ | ᠦᠭᠡᠢ ᠴᠤᠪᠤᠷᠠᠵᠤ᠂ ᠨᠡᠷ᠎ᠡ ᠠᠯᠳᠠᠷᠰᠢᠭᠰᠠᠨ ᠵᠤᠭᠠᠴᠠᠯ ᠤᠨ ᠭᠠᠵᠠᠷ ᠪᠤᠯᠤᠪᠠ᠃ | | | ᠨᠡᠶᠢᠷᠠᠭᠤᠯᠤᠭᠴᠢ ᠤᠷᠴᠢᠭᠤᠯᠤᠭᠴᠢ ᠪᠠᠶᠠᠨᠪᠠᠲᠦ | |