ᠴᠢᠩ ᠤᠯᠤᠰ ᠤᠨ ᠦᠶ᠎ᠡ ᠶᠢᠨ ᠴᠠᠬᠠᠷ ᠤᠨ ᠨᠠᠢᠮᠠᠨ ᠬᠤᠰᠢᠭᠤ ᠳᠦᠷᠪᠡᠨ ᠮᠠᠯᠵᠢᠬᠤ  ᠰᠦᠷᠦᠭ ᠤᠨ ᠲᠠᠷᠬᠠᠯᠲᠠ ᠶᠢᠨ ᠵᠢᠷᠤᠭ
ᠨᠡᠶᠢᠲᠡᠯᠡᠭᠰᠡᠨ ᠴᠠᠭ᠄
2018-05-16
 
 ᠡᠩᠬᠡ ᠠᠮᠤᠭᠤᠯᠠᠩ ᠬᠠᠭᠠᠨ ᠤ ᠠᠷᠪᠠᠨ ᠳᠦᠷᠪᠡᠳᠤᠭᠡᠷ ᠤᠨ ᠳᠤ᠂ ᠮᠠᠨᠵᠤ ᠴᠢᠩ ᠤᠨ ᠲᠦᠷᠦ ᠤᠤᠯ ᠤᠨᠴᠠᠬᠠᠷ ᠠᠶᠢᠮᠠᠭ ᠤᠨ ᠰᠠᠭᠤᠷᠢᠰᠢᠵᠤ ᠪᠠᠶᠢᠭ᠎ᠠ ᠭᠠᠵᠠᠷ ᠢᠵᠸᠤ ᠶᠢ ᠬᠤᠷᠢᠶᠠᠨ ᠠᠪᠴᠤ᠂ ᠴᠠᠬᠠᠷ ᠵᠠᠰᠠᠭ ᠬᠤᠰᠢᠭᠤᠨ ᠤᠳᠦᠷᠢᠮ ᠢ ᠦᠭᠡᠶᠢᠰᠭᠡᠵᠤ ᠠᠷᠠᠳ ᠤᠯᠠᠨ ᠢ ᠰᠢᠶᠤᠸᠠᠨ ᠬᠤᠸᠠ᠂ ᠳ᠋ᠠᠢ ᠲᠦᠩ ᠤᠨ ᠠᠷᠤ ᠳᠤ  ᠰᠢᠯᠵᠢᠭᠦᠯᠵᠦ᠂ᠤᠤᠯ ᠤᠨ ᠠᠳᠡ ᠰᠠᠭᠤᠭ᠎ᠠ ᠨᠠᠢᠮᠠᠨ ᠬᠤᠰᠢᠭᠤ ᠴᠠᠬᠠᠷ ᠲᠠᠢ ᠨᠡᠶᠢᠯᠡᠭᠦᠯᠦᠨ᠂ ᠴᠠᠬᠠᠷ ᠨᠠᠢᠮᠠᠨ ᠬᠤᠰᠢᠭᠤ ᠶᠢᠪᠠᠶᠢᠭᠤᠯᠵᠤ  ᠵᠡᠭᠦᠨ ᠪᠠᠷᠠᠭᠤᠨ ᠭᠠᠷ ᠲᠤᠰᠪᠦᠷᠢ ᠳᠦᠷᠪᠡᠨ ᠬᠤᠰᠢᠭᠤ ᠪᠤᠯᠭᠠᠨ ᠪᠠᠶᠢᠷᠢᠯᠠᠭᠤᠯᠪᠠ᠃ ᠳᠠᠶᠢᠨ ᠤᠤᠨᠤᠭ᠎ᠠ ᠪᠤᠯᠤᠨ ᠬᠠᠭᠠᠨ ᠤᠷᠳᠤᠨ ᠤ ᠤᠯᠠᠭᠠᠨ ᠴᠠᠭᠠᠨ ᠢᠳᠡᠭᠡ ᠶᠢ ᠬᠠᠩᠭᠠᠬᠤ ᠬᠡᠷᠡᠭᠴᠡᠭᠡᠨ ᠠᠴᠠ ᠴᠠᠬᠠᠷ ᠨᠠᠢᠮᠠᠨᠬᠤᠰᠢᠭᠤᠨ ᠠᠴᠠ ᠡᠷᠤᠬᠡ ᠳᠠᠲᠠᠵᠤ᠂ ᠳᠦᠷᠪᠡᠨ ᠶᠡᠭᠡ ᠮᠠᠯᠵᠢᠬᠤ ᠰᠦᠷᠦᠭ ᠪᠠᠶᠢᠭᠤᠯᠵᠡᠢ᠃ ᠲᠤᠬᠠᠶᠢᠯᠠᠪᠡᠯ ᠱᠠᠩᠳᠤᠠᠳᠤᠭᠤᠨ ᠰᠦᠷᠦᠭ᠂ ᠮᠢᠩᠭᠠᠨ ᠦᠬᠡᠷ ᠬᠤᠨᠢᠨ ᠰᠦᠷᠦᠭ᠂ ᠲᠠᠶᠢᠹᠦᠰᠧ ᠪᠠᠷᠠᠭᠤᠨ ᠭᠠᠷᠤᠨ ᠰᠦᠷᠦᠭ᠂ ᠲᠠᠶᠢᠹᠦᠰᠧᠵᠡᠭᠦᠨ ᠭᠠᠷᠤᠨ ᠰᠦᠷᠦᠭ ᠪᠠᠶᠢᠵᠤ ᠴᠠᠬᠠᠷ ᠨᠠᠢᠮᠠᠨ ᠬᠤᠰᠢᠭᠤ ᠲᠠᠢ ᠬᠠᠮᠲᠤ ᠳᠤᠨᠢ ᠠᠷᠪᠠᠨ ᠬᠤᠶᠠᠷ ᠬᠤᠰᠢᠭᠤᠰᠦᠷᠦᠭ ᠭᠡᠳᠡᠭ  ᠃  ᠴᠠᠬᠠᠷ ᠲᠦᠷᠪᠡᠨ ᠰᠦᠷᠦᠭ ᠨᠢ ᠵᠢᠯ ᠪᠦᠷᠢ ᠬᠠᠭᠠᠨ ᠤᠷᠳᠤᠨ ᠳᠤ ᠰᠢᠷ᠎ᠠ ᠳᠤᠰᠤ16327 ᠵᠢᠩ᠂ ᠬᠤᠷᠤᠳᠦᠷᠤᠮ᠎ᠡ 7268 ᠵᠢᠩ ᠡᠷᠭᠦᠨ᠂ ᠬᠤᠨᠢᠨ ᠨᠤᠤᠰᠤ 400 ᠵᠢᠩ ᠳᠤᠰᠢᠶᠠᠳᠠᠭ᠃ ᠳᠦᠷᠪᠡᠨ ᠰᠦᠷᠦᠭ ᠠᠴᠠᠪᠠᠰᠠ ᠡᠯ᠎ᠡ ᠬᠠᠭᠠᠨ ᠤ ᠤᠩᠭᠤᠳ ᠳᠤ ᠳᠠᠬᠢᠯ ᠤᠨ ᠵᠦᠢᠯ ᠬᠠᠩᠭᠠᠳᠠᠭ᠃ ᠵᠢᠯ ᠪᠦᠷᠢ ᠴᠠᠬᠠᠷ ᠰᠦᠷᠦᠭᠬᠤᠰᠢᠭᠤᠳ ᠠᠴᠠ100 ᠲᠤᠭᠤᠯ ᠲᠠᠢ ᠦᠨᠢᠶ᠎ᠡ ᠰᠤᠩᠭᠤᠵᠤ᠂ ᠬᠠᠩᠰᠢᠨ ᠳᠤ ᠤᠩᠭᠤᠳ ᠢ ᠲᠠᠬᠢᠬᠤ ᠳᠤ ᠰᠦᠰᠠᠭᠠᠬᠤ ᠳᠤ ᠪᠡᠯᠡᠳᠭᠡᠳᠡᠭ᠃ ᠳᠠᠬᠢᠯᠭ᠎ᠠ ᠳᠠᠭᠤᠰᠤᠭᠰᠠᠨ ᠤ ᠳᠠᠷᠠᠭ᠎ᠠ᠂ ᠦᠨᠢᠶᠡᠳ ᠢ ᠪᠤᠴᠠᠭᠠᠨ ᠠᠪᠤᠭᠠᠴᠠᠳᠠᠭ ᠪᠢᠯᠡ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13000402号-2