ᠰᠡᠷᠭᠦᠨ ᠮᠠᠨᠳᠤᠭᠰᠠᠨ ᠰᠤᠳᠤ ᠡᠵᠡᠨ ᠳᠠᠶᠠᠨ ᠬᠠᠭᠠᠨ
ᠨᠡᠶᠢᠲᠡᠯᠡᠭᠰᠡᠨ ᠴᠠᠭ᠄
2018-05-16
   
   1497 ᠤᠨ ᠳᠤ ᠳᠠᠶᠠᠨ ᠬᠠᠭᠠᠨ ᠤ ᠮᠢᠩ ᠤᠯᠤᠰ ᠲᠠᠢ ᠠᠷᠠᠯᠵᠢᠶ᠎ᠠ ᠨᠡᠪᠲᠡᠷᠡᠬᠦ ᠱᠠᠭᠠᠷᠳᠠᠯᠭ᠎ᠠ ᠨᠢ ᠦᠯᠤᠵᠦᠪᠰᠢᠶᠡᠷᠡᠳᠡᠭᠰᠡᠨ ᠠᠴᠠ ᠬᠠᠭᠠᠨ ᠠᠭᠤᠯᠠ ᠶᠢᠨ ᠤᠪᠤᠭ᠎ᠠ ᠰᠦᠯᠳᠡ ᠪᠠᠨ ᠳᠠᠬᠢᠵᠤ ᠮᠢᠩ ᠤᠯᠤᠰ ᠢ ᠳᠤᠪᠲᠤᠯᠵᠡᠢ᠃ᠳᠠᠷᠠᠭ᠋ ᠵᠢᠯ ᠳᠤᠨᠢ ᠮᠢᠩ ᠤᠯᠤᠰ ᠳ᠋ᠧ ᠱᠧᠩ  ᠪᠤᠤ᠂ ᠰᠢᠨ ᠫᠢᠩ ᠪᠤᠤ ᠪᠤᠭᠤᠮᠳᠠ ᠶᠢ ᠨᠡᠭᠡᠭᠡᠵᠤ᠂ ᠤᠮᠠᠷᠠᠳᠤᠶᠤᠸᠠᠨ ᠲᠠᠢ ᠡᠷᠬᠡ ᠳᠡᠭᠰᠢ ᠪᠠᠷ ᠠᠷᠠᠯᠵᠢᠶ᠎ᠠ ᠬᠢᠵᠡᠢ᠃    1510 ᠤᠨ ᠳᠤ᠂ ᠳᠠᠶᠠᠨ ᠬᠠᠭᠠᠨ ᠸᠡᠢ ᠨᠢᠩ ᠬᠠᠢ ︵ᠤᠳᠤ ᠶᠢᠨ ᠬᠢᠬᠢᠷᠢ ᠶᠢᠨ ᠨᠠᠭᠤᠷ︶ ᠠᠴᠠᠬᠤᠶᠢᠰᠢᠬᠢ ᠰᠠᠭᠤᠭ᠎ᠠ ᠭᠠᠵᠠᠷ ᠲᠤ ᠲᠡᠭᠷᠢ ᠪᠠᠨ ᠲᠠᠬᠢᠵᠤ᠂ ᠰᠠᠴᠤᠯᠢ ᠡᠷᠭᠦᠨ᠂ ᠴᠡᠷᠢᠭ ᠠᠩᠭᠢ ᠪᠠᠨ  ᠵᠠᠷᠯᠠᠨᠲᠤᠬᠢᠷᠠᠭᠤᠯᠵᠤ᠂ ᠳᠠᠬᠢᠨᠲᠠ ᠪᠠᠷᠠᠭᠤᠨᠰᠢ ᠴᠡᠷᠢᠭ ᠳᠠᠶᠢᠯᠠᠪᠠ᠃ ᠳᠠᠶᠠᠨ ᠬᠠᠭᠠᠨ ᠪᠠᠷᠠᠭᠤᠨ ᠭᠠᠷᠤᠨ ᠹᠸᠤᠳᠡᠯ ᠤᠨᠡᠵᠡᠳ ᠲᠠᠢ ᠬᠤᠷᠢᠭᠠᠳ ᠵᠢᠯ ᠳᠠᠶᠢᠨ ᠬᠢᠵᠤ᠂ ᠡᠴᠤᠰ ᠲᠡᠭᠡᠨ ᠵᠡᠭᠦᠨ ᠮᠤᠩᠭᠤᠯ ᠤᠨ ᠵᠢᠷᠭᠤᠭᠠᠨ ᠲᠦᠮᠡᠨ ᠢᠦᠪᠡᠷ ᠤᠨ ᠨᠤᠶᠠᠷᠬᠠᠯ ᠳᠤᠤᠷ᠎ᠠ ᠪᠠᠨ ᠤᠷᠤᠭᠤᠯᠵᠤ᠂ ᠮᠤᠩᠭᠤᠯ ᠤᠨ ᠦᠨᠳᠦᠷᠯᠢᠭ ᠤᠨ ᠵᠠᠭᠤᠭᠠᠳ ᠵᠢᠯ ᠤᠨᠬᠠᠭᠠᠴᠠᠯ ᠢ ᠲᠡᠭᠦᠰᠭᠡᠵᠤ  ᠲᠠᠬᠢᠨᠲᠠ ᠨᠢᠭᠡᠳᠤᠯ ᠢ ᠪᠡᠶᠡᠯᠡᠭᠦᠯᠤᠨ  ︽ᠰᠡᠷᠭᠦᠨ ᠮᠠᠨᠳᠤᠭᠰᠠᠨ ᠰᠤᠳᠤ ᠡᠵᠡᠨ︾ ᠭᠡᠮᠡᠨᠠᠯᠳᠠᠷᠰᠢᠪᠠ᠃1517 ᠤᠨ ᠳᠤ᠂ ᠳᠠᠶᠠᠨ ᠬᠠᠭᠠᠨ ᠬᠠᠯᠢᠵᠤ᠂ ᠬᠠᠭᠠᠨ ᠰᠢᠷᠡᠭᠡᠨ ᠳᠤ 37 ᠵᠢᠯ ᠰᠠᠭᠤᠪᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13000402号-2