ᠴᠠᠬᠠᠷ ᠯᠢᠭᠳᠡᠨ ᠬᠠᠭᠠᠨ ᠬᠦᠬᠡᠨᠠᠭᠤᠷ ᠤᠨ ᠰᠢᠷ᠎ᠠ ᠲᠠᠯ᠎ᠠ ᠳᠤ ᠡᠪᠡᠳᠴᠢᠨ ᠢᠶᠠᠷ ᠨᠠᠰᠤ ᠪᠠᠷᠠᠭᠰᠠᠨ ᠤ ᠲᠠᠷᠠᠭ᠎ᠠ᠂ | ᠮᠠᠨᠵᠦ ᠴᠢᠩ ᠤᠯᠤᠰ ᠤᠨ ᠴᠡᠷᠢᠭ ᠪᠦᠬᠦ ᠮᠤᠩᠭᠤᠯ ᠢ ᠲᠠᠶᠢᠯᠠᠨ ᠲᠠᠭᠠᠭᠤᠯᠵᠦ᠂ ᠮᠤᠩᠭᠤᠯ ᠬᠦᠮᠦᠨ ᠤ ᠠᠯᠢ ᠤᠯᠠᠨ | ᠵᠠᠰᠠᠭ ᠵᠠᠬᠢᠷᠭᠠᠨ ᠤ ᠬᠠᠮᠢᠶᠠᠷᠤᠯᠳᠠ ᠶᠢᠨ ᠬᠡᠯᠪᠡᠷᠢ ᠵᠠᠭᠪᠤᠷ ᠢ ᠡᠪᠳᠡᠨ ᠮᠤᠩᠭᠤᠯ ᠤᠷᠤᠨ ᠳᠤ ᠬᠤᠰᠢᠭᠤ ᠴᠢᠭᠤᠯᠭᠠᠨ | ᠤ ᠲᠦᠷᠢᠮ ᠢ ᠭᠡᠷᠡᠭᠵᠢᠬᠦᠯᠪᠡ᠃ ᠲᠡᠭᠡᠬᠦ ᠳᠡᠭᠡᠨ ᠲᠡᠳᠡ ᠪᠦᠬᠦ ᠮᠤᠩᠭᠤᠯ ᠤᠨ ᠡᠰᠡᠷᠬᠦᠴᠡᠯ ᠢ ᠪᠦᠷᠢᠮᠦᠰᠦᠨ | ᠲᠠᠷᠤᠩᠭᠤᠶᠢᠯᠠᠶᠠ ᠭᠡᠪᠡᠯ ᠤᠷᠢᠳ ᠢᠶᠠᠷ ᠬᠠᠭᠠᠨ ᠲᠦᠪᠯᠡᠵᠦ ᠪᠠᠶᠢᠭᠰᠠᠨ ᠴᠠᠬᠠᠷ ᠤᠨ ᠡᠰᠡᠷᠬᠦᠴᠡᠯ ᠢ ᠲᠦᠢᠯᠪᠤᠷᠢᠳᠡᠢ | ᠪᠤᠳᠠ ᠨᠢᠷᠭᠡᠬᠦ ᠭᠡᠷᠡᠭᠳᠡᠢ ᠭᠡᠳᠡᠭ ᠢ ᠬᠦᠢᠴᠡᠳ ᠤᠶᠢᠯᠠᠭᠠᠵᠦ ᠪᠠᠶᠢᠭᠰᠠᠨ ᠶᠤᠮ᠃ ᠲᠡᠭᠡᠭᠡᠳ ᠴᠠᠬᠠᠷ ᠮᠤᠩᠭᠤᠯᠴᠤᠳ ᠢ | ᠮᠦᠴᠢᠯᠡᠨ ᠰᠠᠯᠭᠠᠬᠤ᠂ ᠡᠯᠡᠰᠦ ᠬᠤᠯᠢᠬᠤ᠂ ᠬᠡᠰᠡᠭᠯᠡᠨ ᠵᠠᠬᠢᠷᠬᠤ ᠵᠡᠷᠭᠡ ᠤᠯᠠᠨ ᠬᠠᠷ᠎ᠠ ᠬᠤᠷᠤ ᠲᠠᠢ ᠠᠷᠭ᠎ᠠ ᠬᠡᠮᠵᠢᠶ᠎ᠡ | ᠠᠪᠤᠭᠰᠠᠨ ᠶᠤᠮ᠃ | 1636 ᠤᠨ ᠳᠤ᠂ ᠮᠠᠨᠵᠦ ᠴᠢᠩ ᠤᠯᠤᠰ ᠤᠨ ᠲᠤᠳᠤᠭᠠᠳᠤ ᠪᠢᠴᠢᠭ ᠤᠨ ᠶᠠᠮᠤᠨ ᠤ ᠡᠷᠬᠢᠨ ᠰᠠᠶᠢᠳ ᠰᠢᠹᠦ᠋᠂ | ᠮᠤᠩᠭᠤᠯ ᠤᠨ ᠶᠠᠮᠤᠨ ᠤ ᠵᠠᠰᠠᠭ ᠡᠷᠬᠢᠯᠡᠭᠴᠢ ᠨᠢᠺᠡᠨ᠂ ᠲᠠᠪᠤᠨᠠᠩ ᠳ᠋ᠠᠶᠠᠴᠢ ᠨᠠᠷ ᠤᠨ ᠵᠠᠷᠯᠢᠭ ᠢᠶᠠᠷ ᠴᠠᠬᠠᠷ ᠤᠨ | ᠡᠷᠦᠬᠡ ᠠᠮᠠ ᠶᠢ ᠪᠦᠷᠢᠳᠭᠡᠨ ᠪᠠᠶᠢᠴᠠᠭᠠᠵᠦ ᠬᠤᠰᠢᠭᠤ ᠰᠤᠮᠤ ᠭᠡᠵᠦ ᠡᠬᠢᠯᠡᠨ ᠵᠤᠬᠢᠶᠠᠨ ᠪᠠᠶᠢᠭᠤᠯᠪᠠ᠃ ᠤᠯᠠᠨ | ᠤᠳᠠᠭᠠᠨ ᠤ ᠪᠠᠶᠢᠴᠠᠭᠠᠯᠳᠠ ᠦᠬᠡᠷᠡᠴᠢᠯᠡᠯᠳᠡ ᠪᠠᠷ ᠲᠠᠮᠵᠢᠨ ᠤᠤᠯ ᠤᠨ ᠴᠠᠬᠠᠷ ᠨᠠᠢᠮᠠᠨ ᠤᠳᠤᠭ ᠤᠨ ᠪᠠᠶᠢᠭᠤᠯᠤᠮᠵᠢ | ᠶᠢ ᠪᠦᠷᠢᠮᠦᠰᠦᠨ ᠦᠬᠡᠶᠢᠰᠭᠡᠵᠦ᠂ ᠨᠠᠢᠮᠠᠨ ᠵᠠᠰᠠᠭ ᠬᠤᠰᠢᠭᠤ ᠪᠤᠯᠭᠠᠨ ᠰᠠᠯᠭᠠᠵᠦ ᠪᠠᠶᠢᠭᠤᠯᠤᠭᠠᠳ᠂ ᠪᠤᠰᠤᠳ ᠭᠡᠳᠦᠨ | ᠵᠠᠰᠠᠭ ᠬᠤᠰᠢᠭᠤ ᠲᠠᠢ ᠬᠠᠮᠳᠤ ᠨᠢᠭᠡᠨ ᠴᠢᠭᠤᠯᠭᠠᠨ ᠳᠤ ᠬᠠᠷᠢᠶᠠᠯᠠᠭᠤᠯᠤᠭᠰᠠᠨ ᠶᠤᠮ᠃ ᠲᠡᠭᠡᠬᠦ ᠳᠡᠭᠡᠨ ᠤᠤᠯ ᠤᠨ | ᠨᠠᠢᠮᠠᠨ ᠤᠳᠤᠭ ᠢ ᠬᠡᠰᠡᠭᠯᠡᠨ ᠪᠤᠳᠠᠷᠠᠭᠠᠵᠦ ᠪᠤᠰᠤᠳ ᠬᠤᠰᠢᠭᠤᠨ ᠳᠤ ᠨᠡᠬᠦᠯᠬᠡᠬᠦ ᠪᠤᠶᠤ ᠪᠤᠰᠤᠳ ᠮᠤᠩᠭᠤᠯ ᠤᠪᠤᠭ | ᠠᠶᠢᠮᠠᠭ ᠤᠨ ᠪᠦᠷᠢᠯᠳᠦᠬᠦᠨ ᠢ ᠴᠠᠬᠠᠷ ᠤᠨ ᠡᠯ᠎ᠡ ᠬᠤᠰᠢᠭᠤᠳ ᠲᠤ ᠬᠤᠯᠢᠵᠦ ᠤᠷᠤᠭᠤᠯᠵᠠᠢ᠃ ᠬᠤᠰᠢᠭᠤᠳ | ᠪᠠᠶᠢᠭᠤᠯᠤᠭᠳᠠᠬᠤ ᠶᠢ ᠲᠠᠭᠠᠯᠳᠤᠨ ᠤᠤᠯ ᠤᠨ ᠨᠠᠢᠮᠠᠨ ᠤᠳᠤᠭ ᠤᠨ ᠵᠠᠬ᠎ᠠ ᠵᠠᠭᠠᠭ᠂ ᠬᠠᠷᠢᠶ᠎ᠠ ᠬᠡᠪᠴᠢᠶ᠎ᠡ᠂ | ᠪᠠᠶᠢᠭᠤᠯᠤᠮᠵᠢ ᠶᠢᠨ ᠬᠡᠯᠪᠡᠷᠢ ᠵᠡᠷᠭᠡ ᠨᠢ ᠲᠦᠢᠯᠪᠤᠷᠢᠳᠠᠢ ᠡᠪᠳᠡᠭᠳᠡᠭᠡᠳ ᠰᠢᠨ᠎ᠡ ᠪᠠᠷ ᠪᠠᠶᠢᠭᠤᠯᠤᠭᠰᠠᠨ ᠬᠤᠰᠢᠭᠤᠨ ᠤ | ᠵᠠᠬ᠎ᠠ ᠵᠠᠭᠠᠭ᠂ ᠬᠠᠮᠢᠶᠠᠷᠤᠯᠳᠠ ᠶᠢᠨ ᠠᠷᠭ᠎ᠠ ᠬᠡᠯᠪᠡᠷᠢ ᠶᠢ ᠰᠢᠨ᠎ᠡ ᠪᠠᠷ ᠲᠤᠭᠳᠠᠭᠠᠵᠠᠢ᠃ | ᠡᠩᠭᠡ ᠠᠮᠤᠭᠤᠯᠠᠩ ᠬᠠᠭᠠᠨ ᠤ ᠨᠠᠢᠮᠠᠳᠤᠭᠠᠷ ᠤᠨ ︵1669 ᠤᠨ︶ ᠳᠤ᠂ ᠴᠠᠬᠠᠷ ᠯᠢᠭᠳᠡᠨ ᠬᠠᠭᠠᠨ ᠤ | ᠤᠳᠬᠤᠨ ᠬᠦᠪᠡᠬᠦᠨ ᠠᠪᠠᠨᠢ ᠴᠢᠨ ᠸᠠᠩ ᠢ ᠨᠠᠢᠮᠠᠨ ᠵᠢᠯ ᠲᠦᠷᠦ ᠳᠤ ᠪᠠᠷᠠᠯᠠᠭᠰᠠᠨ ᠦᠬᠡᠢ ᠪᠦᠬᠡᠳ ᠬᠦᠷᠦᠨ ᠤ ᠶᠡᠭᠡ | ᠬᠦᠩᠵᠦ ᠶᠢᠨ ᠬᠦᠪᠡᠬᠦᠨ ᠢ ᠬᠦᠨᠳᠦᠳᠭᠡᠭᠰᠡᠨ ᠦᠬᠡᠢ ᠬᠡᠮᠡᠨ ᠰᠢᠯᠳᠠᠭ ᠪᠠᠷᠢᠵᠦ ᠮᠦᠭᠳᠡᠨ ᠬᠤᠳᠠᠨ᠎ᠠ ᠠᠪᠠᠴᠢᠵᠦ | ᠬᠢᠨᠳᠠᠯᠠᠵᠠᠢ᠃ ᠡᠩᠭᠡ ᠠᠮᠤᠭᠤᠯᠠᠩ ᠬᠠᠭᠠᠨ ᠤ ᠠᠷᠪᠠᠨ ᠲᠦᠷᠪᠡᠳᠤᠭᠡᠷ ᠤᠨ ︵1675 ᠤᠨ︶ ᠳᠤ ᠯᠢᠭᠳᠡᠨ ᠬᠠᠭᠠᠨ | ᠤ ᠠᠴᠢ ᠪᠤᠷᠠᠨᠠᠢ ᠴᠢᠨ ᠸᠠᠩ᠂ ᠲᠡᠬᠦᠦ ᠯᠤᠪᠰᠠᠩ ᠲᠠᠢ ᠪᠠᠨ ᠬᠤᠶᠠᠭᠤᠯᠠ ᠵᠠᠮᠰᠦ᠋ᠷᠡᠩ ᠬᠦᠩ ᠲᠠᠢ ᠬᠠᠮᠳᠤ ᠴᠠᠬᠠᠷ | ᠨᠠᠢᠮᠠᠨ ᠬᠤᠰᠢᠭᠤ ᠪᠠᠨ ᠲᠠᠭᠠᠭᠤᠯᠤᠨ ᠮᠠᠨᠵᠦ ᠴᠢᠩ ᠤᠨ ᠬᠠᠷᠬᠢᠰ ᠬᠠᠷᠠᠩᠭᠤᠢ ᠲᠠᠷᠤᠯᠠᠯ ᠬᠢᠳᠤᠯᠭ᠎ᠠ ᠶᠢᠨ ᠡᠰᠡᠷᠬᠦ | ᠪᠤᠰᠤᠯᠭ᠎ᠠ ᠶᠢᠨ ᠶᠡᠭᠡ ᠲᠤᠭ ᠢ ᠡᠷᠬᠦᠪᠡ᠃ ᠡᠩᠭᠡ ᠠᠮᠤᠭᠤᠯᠠᠩ ᠬᠠᠭᠠᠨ ᠲᠠᠷᠤᠶᠢᠬᠠᠨ ᠬᠤᠷᠴᠢᠨ ᠵᠡᠷᠭᠡ ᠮᠤᠩᠭᠤᠯ | ᠬᠤᠰᠢᠭᠤᠳ ᠤᠨ ᠴᠡᠷᠢᠭ ᠢ ᠲᠠᠶᠢᠴᠢᠯᠠᠨ ᠪᠤᠰᠤᠯᠭ᠎ᠠ ᠶᠢ ᠲᠠᠷᠤᠩᠭᠤᠶᠢᠯᠠᠪᠠ᠃ ᠲᠠᠷᠤᠩᠭᠤᠶᠢᠯᠠᠬᠤ ᠲᠤᠮᠳᠠ ᠪᠤᠷᠠᠨᠠᠢ | ᠴᠢᠨ ᠸᠠᠩ ᠪᠠᠭᠠᠳᠤᠷᠯᠢᠭ ᠢᠶᠠᠷ ᠪᠡᠶ᠎ᠡ ᠦᠷᠡᠭᠳᠡᠵᠦ᠂ ᠲᠡᠬᠦᠦ ᠯᠤᠪᠰᠠᠩ ᠲᠦᠮᠡ ᠭᠠᠷᠤᠢ ᠴᠡᠷᠢᠭ ᠲᠠᠢ ᠪᠠᠨ ᠪᠠᠭᠤᠵᠦ | ᠦᠭᠬᠦᠭᠡᠳ ᠪᠤᠰᠤᠯᠭ᠎ᠠ ᠬᠠᠷᠠᠰᠠᠯᠳᠠᠢ ᠪᠠᠷ ᠢᠯᠠᠭᠳᠠᠭᠰᠠᠨ ᠶᠤᠮ᠃ ᠢᠩᠬᠢᠭᠰᠡᠨ ᠢᠶᠠᠷ ᠤᠤᠯ ᠠᠴᠠ ᠮᠤᠩᠭᠤᠯ ᠠᠶᠢᠮᠠᠭ᠂ | ᠢᠯᠠᠩᠭᠤᠶ᠎ᠠ ᠴᠠᠬᠠᠷᠴᠤᠳ ᠲᠤ ᠶᠡᠬᠡᠳᠡ ᠰᠡᠵᠢᠭ ᠲᠠᠢ ᠪᠠᠶᠢᠭᠰᠠᠨ ᠴᠢᠩ ᠤᠯᠤᠰ ᠤᠨ ᠨᠤᠶᠠᠷᠬᠠᠭᠴᠢᠳ᠂ ᠴᠠᠬᠠᠷ ᠤᠨ | ᠪᠤᠰᠤᠯᠭ᠎ᠠ ᠶᠢ ᠲᠠᠷᠤᠩᠭᠤᠶᠢᠯᠠᠭᠰᠠᠨ ᠤ ᠲᠠᠷᠠᠭ᠎ᠠ ᠡᠷᠭᠡ ᠶᠢ ᠨᠢ ᠪᠠᠭᠤᠷᠠᠭᠤᠯᠵᠦ᠂ ᠨᠤᠳᠤᠭ ᠢ ᠨᠢ ᠬᠤᠷᠢᠶᠠᠨ᠂ ᠠᠷᠠᠳ | ᠢ ᠨᠢ ᠨᠡᠬᠦᠯᠬᠡᠬᠦ ᠰᠠᠶᠢᠬᠠᠨ ︽ᠲᠤᠬᠢᠶᠠᠯ︾ ᠤᠯᠤᠭᠰᠠᠨ ᠢᠶᠠᠷ ᠴᠠᠬᠠᠷ ᠢ ︽ᠨᠤᠳᠤᠭ ᠢ ᠨᠢ ᠰᠤᠯᠠᠯᠠᠵᠦ ᠮᠠᠯᠵᠢᠯ ᠤᠨ | ᠲᠠᠯᠠᠪᠠᠢ ᠪᠤᠯᠭᠠᠨ᠂ ᠲᠤᠳᠤᠭᠠᠳᠤ ᠭᠡᠷᠡᠭ ᠢ ᠪᠦᠬᠦᠳᠡ ᠵᠠᠬᠢᠷᠬᠤ ᠶᠠᠮᠤᠨ ᠤ ᠠᠳᠤᠭᠤᠨ ᠶᠠᠮᠤᠨ ᠳᠤ ᠬᠠᠷᠢᠶᠠᠯᠠᠭᠤᠯᠤᠨ᠂ | ᠠᠷᠠᠳ ᠢ ᠨᠢ ᠰᠢᠤᠸᠠᠨ ᠬᠤᠸᠠ ︵ᠪᠠᠶᠠᠨᠰᠤᠮᠤ︶᠂ ᠲᠠᠶᠢᠲ᠋ᠦ᠋ᠩ ᠤᠨ ᠬᠢᠵᠠᠭᠠᠷ ᠤᠨ ᠭᠠᠳᠠᠨ᠎ᠠ ᠨᠡᠬᠦᠯᠬᠡᠵᠦ | ᠮᠠᠯᠵᠢᠭᠤᠯᠤᠭᠰᠠᠨ︾ ᠪᠢᠯᠡ᠃ ᠴᠠᠬᠠᠷ ᠤᠨ ᠵᠠᠰᠠᠭ ᠬᠤᠰᠢᠭᠤᠨ ᠤ ᠲᠦᠷᠢᠮ ᠢ ᠬᠠᠰᠤᠵᠦ᠂ ᠠᠮᠪᠠᠨ ᠬᠤᠰᠢᠭᠤᠨ ᠤ | ᠲᠦᠷᠢᠮ ᠢ ᠭᠡᠷᠡᠭᠵᠢᠬᠦᠯᠦᠨ᠂ ᠮᠠᠨᠵᠦ ᠳᠤ ᠪᠠᠭᠤᠵᠦ ᠦᠭᠬᠦᠭᠰᠡᠨ ᠦᠬᠡᠯᠡᠳ᠂ ᠲᠤᠷᠭᠤᠳ᠂ ᠬᠠᠯᠬ᠎ᠠ᠂ ᠰᠤᠯᠤᠨ | ᠪᠠᠷᠭᠤ᠂ ᠬᠤᠷᠴᠢᠨ ᠠᠶᠢᠮᠠᠭ ᠤᠳ ᠠᠴᠠ ᠰᠤᠮᠤ ᠨᠢᠬᠡᠴᠢ ᠪᠠᠷ ᠴᠠᠬᠠᠷ ᠨᠠᠢᠮᠠᠨ ᠬᠤᠰᠢᠭᠤᠨ ᠳᠤ ᠨᠡᠬᠦᠯᠬᠡᠨ | ᠤᠷᠤᠭᠤᠯᠵᠦ᠂ ᠰᠢᠨ᠎ᠡ ᠴᠠᠬᠠᠷ ᠨᠠᠢᠮᠠᠨ ᠬᠤᠰᠢᠭᠤ ᠶᠢ ᠪᠦᠷᠢᠯᠳᠦᠬᠦᠯᠦᠬᠡᠳ ᠪᠠᠰᠠ ᠵᠡᠬᠦᠨ᠂ ᠪᠠᠷᠠᠭᠤᠨ ᠬᠤᠶᠠᠷ ᠭᠠᠷ | ᠪᠤᠯᠭᠠᠨ ᠬᠤᠪᠢᠶᠠᠭᠰᠠᠨ ᠠᠴᠠ ᠭᠠᠳᠠᠨ᠎ᠠ ᠴᠠᠬᠠᠷ ᠬᠤᠰᠢᠭᠤᠳ ᠠᠴᠠ ᠠᠶᠢᠯ ᠡᠷᠦᠬᠡ ᠲᠠᠳᠠᠵᠦ᠂ ᠲᠦᠷᠪᠡᠨ ᠰᠦᠷᠦᠭ | ᠬᠤᠰᠢᠭᠤ ᠭᠠᠷᠭᠠᠨ᠂ ᠮᠠᠯᠵᠢᠯ ᠤᠨ ᠲᠠᠯᠠᠪᠠᠢ ᠪᠠᠶᠢᠭᠤᠯᠵᠠᠢ᠃ ᠲᠡᠭᠷᠢ ᠲᠡᠳᠬᠦᠭᠴᠢ ᠶᠢᠨ ᠬᠤᠷᠢᠨ ᠵᠢᠷᠭᠤᠳᠤᠭᠠᠷ ᠤᠨ | ︵1761 ᠤᠨ︶ ᠳᠤ ᠴᠢᠩ ᠤᠯᠤᠰ ᠤᠨ ᠵᠠᠰᠠᠭ ᠤᠨ ᠭᠠᠵᠠᠷ ᠠᠴᠠ ᠮᠠᠨᠵᠦ ᠠᠮᠪᠠᠨ ᠲᠤᠮᠢᠯᠠᠵᠦ᠂ ᠴᠢᠭᠤᠯᠤᠯᠳᠤ | ᠬᠠᠭᠠᠯᠭ᠎ᠠ ᠳᠤ ᠳ᠋ᠦᠲ᠋ᠦ᠋ᠩ ᠶᠠᠮᠤᠨ ᠭᠡᠵᠤ ᠪᠠᠶᠢᠭᠤᠯᠤᠨ᠂ ᠴᠠᠬᠠᠷ ᠨᠠᠢᠮᠠᠨ ᠬᠤᠰᠢᠭᠤ ᠪᠠ ᠲᠦᠷᠪᠡᠨ ᠰᠦᠷᠦᠭ | ᠬᠤᠰᠢᠭᠤ ᠶᠢ ᠵᠠᠬᠢᠷᠤᠭᠤᠯᠪᠠ᠃ ᠴᠠᠬᠠᠷ ᠤᠨ ᠪᠤᠰᠤᠳ ᠭᠡᠰᠡᠭ ᠢ ᠯᠢᠶᠤᠤᠨᠢᠩ ᠤᠨ ᠢᠵᠸᠤ ᠠᠴᠠ ᠨᠡᠬᠦᠯᠬᠡᠨ | ᠦᠷᠦᠭᠡᠰᠦᠨ ᠴᠢᠯᠠᠭᠤᠨ ᠬᠠᠭᠠᠯᠭ᠎ᠠ᠂ ᠴᠢᠭᠤᠯᠤᠯᠳᠤ ᠬᠠᠭᠠᠯᠭ᠎ᠠ᠂ ᠲᠠᠶᠢᠲ᠋ᠦ᠋ᠩ ᠹᠦ᠋᠂ ᠱᠦᠷᠭᠡᠢ ᠴᠢᠯᠠᠭᠤᠨ ᠬᠠᠭᠠᠯᠭ᠎ᠠ | ᠶᠢᠨ ᠬᠢᠵᠠᠭᠠᠷ ᠤᠨ ᠭᠠᠳᠠᠨ᠎ᠠ ᠨᠤᠳᠤᠭ ᠲᠤᠬᠢᠷᠠᠭᠤᠯᠵᠠᠢ᠃ | 1914 ᠤᠨ ᠳᠤ ᠲᠤᠮᠳᠠᠳᠤ ᠢᠷᠭᠡᠨ ᠤᠯᠤᠰ᠂ ᠦᠪᠦᠷ ᠮᠤᠩᠭᠤᠯ ᠢ ᠭᠤᠷᠪᠠᠨ ᠲᠤᠰᠬᠠᠢ ᠤᠷᠤᠨ ᠪᠤᠯᠭᠠᠵᠦ | ᠬᠤᠪᠢᠶᠠᠬᠤ ᠦᠶᠡᠰ ᠲᠤ᠂ ᠴᠠᠬᠠᠷ ᠲᠤᠰᠬᠠᠢ ᠤᠷᠤᠨ ᠪᠠᠶᠢᠭᠤᠯᠤᠭᠳᠠᠵᠦ᠂ ᠤᠤᠯ ᠤᠨ ᠰᠢᠯᠢ ᠶᠢᠨ ᠭᠤᠤᠯ | ᠴᠢᠭᠤᠯᠭᠠᠨ ᠤ ᠠᠷᠪᠠᠨ ᠬᠤᠰᠢᠭᠤ᠂ ᠴᠠᠬᠠᠷ ᠤᠨ ᠠᠷᠪᠠᠨ ᠬᠤᠶᠠᠷ ᠰᠦᠷᠦᠭ ᠵᠢᠴᠢ ᠡᠾᠧᠪᠸᠢ ᠮᠤᠵᠢ ᠶᠢᠨ ᠪᠠᠷᠠᠭᠤᠨ | ᠭᠡᠰᠡᠭ ᠤᠨ ᠪᠤᠭᠤᠮᠳᠠ ᠶᠢᠨ ᠭᠠᠳᠠᠨᠠᠬᠢ ᠠᠷᠪᠠᠨ ᠲᠠᠪᠤᠨ ᠰᠢᠶᠠᠨ ᠢ ᠬᠠᠷᠢᠶᠠᠯᠠᠭᠤᠯᠪᠠ᠃1928 ᠤᠨ ᠳᠤ ᠴᠠᠬᠠᠷ | ᠲᠤᠰᠬᠠᠢ ᠤᠷᠤᠨ ᠢ ᠮᠤᠵᠢ ᠪᠤᠯᠭᠠᠨ ᠦᠬᠡᠷᠡᠴᠢᠯᠡᠵᠦ᠂ ︽ᠴᠠᠬᠠᠷ ᠮᠤᠵᠢ︾ ᠬᠡᠮᠡᠵᠦ᠂ ᠤᠤᠯ ᠤᠨ ᠪᠠᠷᠠᠭᠤᠨ ᠴᠠᠬᠠᠷ | ᠤᠨ ᠬᠦᠯᠦ ᠰᠢᠷ᠎ᠠ᠂ ᠬᠦᠯᠦ ᠤᠯᠠᠭᠠᠨ᠂ ᠬᠦᠪᠡᠬᠡᠳᠦ ᠤᠯᠠᠭᠠᠨ᠂ ᠬᠦᠪᠡᠬᠡᠳᠦ ᠬᠦᠬᠡ ᠬᠤᠰᠢᠭᠤᠨ ᠢ ᠰᠦᠢᠶᠤᠸᠠᠨ | ᠮᠤᠵᠢ ᠳᠤ ᠬᠤᠪᠢᠶᠠᠷᠢᠯᠠᠨ ᠬᠠᠷᠢᠶᠠᠯᠠᠭᠤᠯᠵᠠᠢ᠃ | 1947 ᠤᠨ ᠳᠤ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠪᠠᠶᠢᠭᠤᠯᠤᠭᠳᠠᠵᠦ᠂ ᠤᠤᠯ ᠤᠨ | ᠴᠠᠬᠠᠷ ᠠᠷᠪᠠᠨ ᠬᠤᠶᠠᠷ ᠰᠦᠷᠦᠭ ᠢ ᠴᠠᠬᠠᠷ ᠠᠶᠢᠮᠠᠭ ᠪᠠ ᠬᠤᠰᠢᠭᠤ ᠪᠤᠯᠭᠠᠨ ᠵᠤᠬᠢᠶᠠᠨ ᠪᠠᠶᠢᠭᠤᠯᠵᠦ᠂ ᠲᠦᠷᠪᠡᠨ | ᠮᠠᠯᠵᠢᠯ ᠰᠦᠷᠦᠭ ᠢ ᠪᠦᠬᠦᠨ ᠢ ᠬᠤᠰᠢᠭᠤ ᠪᠤᠯᠭᠠᠵᠦ ᠦᠬᠡᠷᠡᠴᠢᠯᠡᠵᠡᠢ᠃ | 1958 ᠤᠨ ᠤ 9 ᠰᠠᠷ᠎ᠠ ᠳᠤ ᠴᠠᠬᠠᠷ ᠠᠶᠢᠮᠠᠭ ᠤᠨ ᠵᠠᠰᠠᠭ ᠵᠠᠬᠢᠷᠭᠠᠨ ᠤ ᠪᠠᠶᠢᠭᠤᠯᠤᠮᠵᠢ ᠶᠢ ᠬᠠᠰᠦᠵᠦ᠂ | ᠰᠢᠯᠢ ᠶᠢᠨ ᠭᠤᠤᠯ ᠠᠶᠢᠮᠠᠭ ᠲᠠᠢ ᠨᠡᠶᠢᠯᠡᠬᠦᠯᠦᠨ᠂ ᠦᠨᠢ ᠤᠳᠠᠭᠠᠨ ᠲᠡᠤᠭᠡ ᠲᠠᠢ ᠴᠠᠬᠠᠷ ᠮᠤᠩᠭᠤᠯ ᠤᠨ ᠪᠡᠶ᠎ᠡ ᠪᠠᠨ | ᠲᠠᠭᠠᠭᠠᠭᠰᠠᠨ ᠵᠠᠰᠠᠭ ᠵᠠᠬᠢᠷᠭᠠᠨ ᠤ ᠪᠠᠶᠢᠭᠤᠯᠤᠮᠵᠢ ᠶᠢᠨ ᠲᠡᠤᠭᠡ ᠢᠩᠬᠢᠵᠦ ᠡᠴᠦᠰᠯᠡᠵᠡᠢ᠃ |