ᠬᠦᠬᠦᠷ ᠨᠢ ᠮᠣᠩᠭᠤᠯᠴᠤᠳ ᠤᠨ ᠵᠠᠩ ᠦᠢᠯᠡ ᠶᠢ ᠢᠯᠡᠷᠬᠡᠶᠢᠯᠡᠬᠦ ᠨᠢᠭᠡ ᠴᠢᠬᠤᠯᠠ ᠡᠳ᠋ᠯᠡᠯ ᠪᠥᠭᠡᠳ | ᠡᠷᠡᠴᠦᠳ ᠤᠨ ᠭᠤᠣᠯ ᠭᠤᠶᠣᠯᠠᠯ ᠴᠢᠮᠡᠭᠯᠡᠯ ᠪᠤᠯᠳᠠᠭ᠃ ᠮᠤᠩᠭᠤᠯ ᠣᠯᠣᠰ ᠲᠤ ︽ᠬᠦᠭᠡᠷᠭᠡ︾ ᠬᠡᠵᠦ ᠶᠠᠷᠢᠳᠠᠭ᠂ | ᠬᠠᠷᠢᠨ ᠦᠪᠦᠷ ᠮᠤᠩᠭᠤᠯ ᠳᠤ ︽ᠬᠦᠬᠦᠷ︾ ᠭᠡᠳᠡᠭ᠃ ᠮᠣᠩᠭᠤᠯᠴᠤᠳ ᠤᠨ ᠬᠤᠪᠢ ᠳᠤ ᠠᠮᠤᠷ ᠮᠡᠨᠳᠦ ᠪᠠᠨ ᠮᠡᠳᠡᠨ | ᠬᠦᠬᠦᠷ ᠰᠤᠯᠢᠯᠴᠠᠨ ᠲᠠᠮᠠᠬᠢᠯᠠᠬᠤ ᠶᠣᠰᠣ ᠡᠷᠲᠡ ᠳᠡᠭᠡᠷ᠎ᠡ ᠦᠶ᠎ᠡ ᠠᠴᠠ ᠪᠤᠢ ᠪᠣᠯᠣᠭᠰᠠᠨ ᠶᠤᠮ᠂ ᠲᠡᠭᠦᠨᠴᠢᠯᠡᠨ | ᠬᠦᠬᠦᠷ ᠨᠢ ᠬᠥᠭᠵᠢᠯ ᠤᠨ ᠢᠶᠠᠨ ᠶᠠᠪᠤᠴᠠ ᠳᠤ ᠲᠤᠬᠠᠢ ᠶᠢᠨ ᠬᠥᠮᠥᠨ ᠤ ᠪᠠᠨ ᠵᠡᠷᠭᠡ ᠭᠡᠷᠭᠡᠮ ᠢ ᠲᠣᠳᠣᠷᠬᠠᠶᠢᠯᠠᠳᠠᠭ | ᠬᠡᠷᠡᠭᠰᠡᠯ ᠪᠤᠯᠬᠤ ᠶᠤᠮ᠃ ᠮᠣᠩᠭᠤᠯ ᠬᠦᠬᠦᠷ ᠬᠢᠴᠡ ᠵᠠᠭᠪᠤᠷ ᠤᠨ ᠬᠤᠪᠢ ᠳᠤ ᠬᠢᠲᠠᠳ ᠶᠤᠮ ᠦᠦ ᠪᠤᠰᠤᠳ | ᠤᠯᠤᠰ ᠤᠨ ᠬᠦᠬᠦᠷ ᠠᠴᠠ ᠢᠯᠭᠠᠭᠳᠠᠬᠤ ᠣᠨᠴᠠᠯᠢᠭ ᠲᠠᠢ᠃ ᠮᠣᠩᠭᠤᠯ ᠬᠦᠭᠡᠷᠭᠡ ᠶᠢ ᠦᠨᠡᠯᠡᠬᠦ ᠳᠤ ᠲᠡᠭᠦᠨ ᠤ | ᠲᠣᠯᠣᠭᠠᠢ᠂ ᠨᠤᠤᠬ᠎ᠠ᠂ ᠬᠠᠯᠪᠠᠭ᠎ᠠ᠂ ᠤᠬᠤᠯᠳᠠ᠂ ᠬᠡᠯᠪᠡᠷᠢ᠂ ᠴᠢᠯᠠᠭᠤᠨ ᠤ ᠪᠦᠲᠦᠴᠡ᠂ ᠨᠠᠰᠤ᠂ ᠬᠡᠨ ᠬᠡᠷᠡᠭᠯᠡᠵᠦ | ᠪᠠᠶᠢᠭᠰᠠᠨ ᠲᠡᠦᠬᠡ ᠵᠡᠷᠭᠡ ᠨᠢ ᠨᠡᠩ ᠴᠢᠬᠤᠯᠠ ᠪᠠᠶᠢᠳᠠᠭ᠃ ᠲᠡᠦᠬᠡᠨ ᠬᠥᠭᠵᠢᠯ ᠤᠨ ᠡᠬᠢᠨ ᠦᠶ᠎ᠡ ᠳᠤ ᠬᠦᠬᠦᠷ | ᠳᠤᠭᠤᠢ ᠬᠡᠯᠪᠡᠷᠢ ᠲᠠᠢ ᠪᠠᠶᠢᠭᠰᠠᠨ ᠨᠢ ᠠᠭᠠᠵᠢᠮ ᠢᠶᠠᠷ ᠥᠭᠡᠷᠡᠴᠢᠯᠡᠭᠳᠡᠵᠦ ᠥᠨᠥ ᠶᠢᠨ ᠬᠡᠯᠪᠡᠷᠢ ᠳᠤ ᠢᠷᠠᠵᠠᠢ᠃ | ᠬᠦᠬᠦᠷ ᠢ ᠬᠢᠬᠦ ᠳᠡᠭᠡᠨ ᠴᠢᠯᠠᠭᠤ ᠶᠢ ᠤᠰᠤᠨ ᠦᠷᠦᠮ ᠢᠶᠠᠷ ᠵᠠᠰᠠᠵᠤ ᠬᠢᠳᠡᠭ᠂ ᠲᠡᠶᠢᠮᠦ ᠠᠴᠠ ᠴᠢᠯᠠᠭᠤ ᠶᠢ ᠴᠢᠯᠠᠭᠤ | ᠪᠢᠰᠢ ᠤᠰᠤ ᠳᠡᠶᠢᠯᠳᠡᠭ ᠭᠡᠰᠡᠨ ᠦᠭᠡ ᠭᠠᠷᠤᠭᠰᠠᠨ ᠪᠤᠯᠤᠯᠳᠠᠢ᠂ ᠮᠣᠩᠭᠤᠯᠴᠤᠳ ᠥᠪᠡᠷ ᠤᠨ ᠨᠤᠲᠤᠭ ᠲᠤ ᠪᠠᠶᠢᠳᠠᠭ | ᠬᠤᠪᠤᠷ ᠦᠨᠡᠲᠦ᠂ ᠭᠤᠶᠣᠯᠠᠯ ᠴᠢᠮᠡᠭᠯᠡᠯ ᠤᠨ ᠴᠢᠯᠠᠭᠤ ᠶᠢ ᠬᠦᠬᠦᠷ ᠬᠢᠬᠦ ᠳᠤ ᠥᠷᠭᠡᠨ ᠠᠰᠢᠭᠯᠠᠭᠰᠠᠨ ᠪᠠᠶᠢᠳᠠᠭ᠃ | ᠡᠭᠦᠨ ᠳᠤ ᠴᠦᠩᠴᠢᠭᠨᠦᠷᠪᠤ᠂ ᠭᠠᠷᠲ᠋ᠠᠭᠠᠮ᠂ ᠮᠠᠨᠤ᠂ ᠬᠠᠰ ᠴᠢᠯᠠᠭᠤ ᠭᠡᠬᠦ ᠮᠡᠲᠦ᠃ | ᠬᠤᠵᠢᠮ ᠨᠢ ᠱᠠᠰᠢᠨ ᠰᠦᠮ᠎ᠡ ᠬᠡᠶᠢᠳ ᠢ ᠤᠰᠠᠳᠬᠠᠬᠤ ᠦᠶ᠎ᠡ ᠪᠠᠷ ᠦᠨ᠎ᠡ ᠴᠡᠨ᠎ᠡ ᠪᠠᠨ ᠠᠯᠳᠠᠵᠤ ᠤᠯᠠᠮ ᠢᠶᠠᠷ | ᠳᠠᠶᠢᠨ ᠤ ᠦᠶ᠎ᠡ ᠪᠠᠷ ᠬᠦᠬᠦᠷ ᠢ ᠬᠠᠭ᠎ᠠ ᠴᠣᠬᠢᠨ ᠬᠡᠯᠲᠡᠷᠬᠡᠢ ᠶᠢ ᠨᠢ ᠴᠠᠬᠢᠭᠤᠷ ᠪᠣᠯᠭᠠᠨ ᠠᠰᠢᠭᠯᠠᠳᠠᠭ ᠪᠠᠶᠢᠵᠠᠢ᠃ | ᠶᠡᠷᠡᠭᠡᠳ ᠣᠨ ᠠᠴᠠ ᠦᠨᠳᠦᠰᠦᠳᠡᠨ ᠤ ᠤᠬᠠᠮᠰᠠᠷ ᠰᠡᠷᠭᠦᠬᠦ ᠶᠢ ᠳᠠᠭᠠᠯᠳᠤᠨ ᠬᠦᠬᠦᠷ ᠤᠨ ᠬᠡᠷᠡᠭᠯᠡᠭᠡᠨ ᠰᠡᠷᠭᠦᠵᠦ᠂ | ᠲᠥᠷᠥ ᠶᠢᠨ ᠳᠡᠭᠡᠳᠦ ᠠᠯᠪᠠᠨ ᠲᠤᠰᠢᠶᠠᠯᠲᠠᠨ᠂ ᠮᠢᠩᠭᠠᠲᠤ ᠮᠠᠯᠴᠢᠨ ᠪᠤᠯᠤᠨ ᠵᠢᠷ ᠤᠨ ᠢᠷᠭᠡᠳ ᠤᠨ ᠬᠡᠷᠡᠭᠯᠡᠭᠡᠨ | ᠪᠣᠯᠣᠨ ᠬᠤᠪᠢᠷᠠᠵᠠᠢ᠃ ᠬᠦᠬᠦᠷ ᠢ ᠤᠷᠠᠯᠠᠭᠰᠠᠨ ᠮᠠᠲ᠋ᠧᠷᠢᠶᠠᠯ ᠢᠶᠠᠷ ᠨᠢ ᠴᠢᠯᠠᠭᠤ᠂ ᠰᠢᠯ᠂ ᠱᠠᠭᠠᠵᠠᠩ᠂ ᠶᠠᠰᠤ᠂ ᠮᠣᠳᠣ | ᠂ ᠮᠥᠩᠭᠦᠨ ᠬᠦᠬᠦᠷ ᠭᠡᠵᠦ ᠬᠤᠪᠢᠶᠠᠳᠠᠭ ᠪᠠ ᠲᠣᠯᠣᠭᠠᠢ ᠶᠢ ᠨᠢ ᠶᠡᠬᠡᠪᠴᠢᠯᠡᠨ ᠱᠢᠷᠦ ᠪᠠᠷ ᠬᠢᠵᠦ᠂ ᠨᠤᠤᠬ᠎ᠠ ᠶᠢ ᠨᠢ | ᠠᠯᠲᠠ᠂ ᠮᠥᠩᠭᠦ ᠪᠠᠷ ᠴᠢᠮᠡᠭᠯᠡᠨ ᠬᠡᠷᠡᠭᠯᠡᠳᠡᠭ ᠪᠠᠶᠢᠨ᠎ᠠ᠃ ᠮᠥᠨ ᠲᠡᠭᠦᠨᠴᠢᠯᠡᠨ ᠬᠦᠬᠦᠷ ᠢ ᠲᠣᠮᠣ᠂ ᠵᠢᠵᠢᠭ᠂ ᠡᠷᠡᠭᠲᠡᠢ | ᠂ ᠡᠮᠡᠭᠲᠡᠢ ᠬᠥᠮᠥᠨ ᠤ ᠬᠢ ᠭᠡᠵᠦ ᠢᠯᠭᠠᠬᠤ ᠠᠴᠠ ᠭᠠᠳᠠᠨ᠎ᠠ ᠬᠠᠪᠳᠠᠭᠠᠨ ᠤ᠂ ᠶᠠᠮᠪᠠᠨ ᠤ ᠰᠢᠷᠡᠭᠡᠨ ᠤ ᠭᠡᠵᠦ | ᠠᠩᠭᠢᠯᠠᠳᠠᠭ ᠪᠠᠶᠢᠵᠠᠢ᠃ | | | | |