ᠤᠪᠤᠭ᠎ᠠ — ᠮᠤᠩᠭᠤᠯ ᠨᠤᠳᠤᠭ ᠤᠨ ᠴᠢᠮᠡᠭ | ᠤᠪᠤᠭ᠎ᠠ — ᠮᠤᠩᠭᠤᠯ ᠬᠦᠮᠦᠨ ᠤ ᠬᠡᠶᠢᠮᠤᠷᠢ | ᠮᠤᠩᠭᠤᠯ ᠤᠷᠤᠨ ᠳᠤ ᠠᠭᠤᠯᠠ ᠶᠢᠨ ᠤᠪᠤᠭ᠎ᠠ᠂ ᠬᠦᠳᠦᠯ ᠤᠨ ᠤᠪᠤᠭ᠎ᠠ᠂ ᠰᠡᠴᠢ ᠶᠢᠨ ᠤᠪᠥᠭ᠎ᠠ᠂ ᠲᠠᠯ᠎ᠠ ᠶᠢᠨ | ᠤᠪᠤᠭ᠎ᠠ᠂ ᠯᠤᠤᠰ ᠤᠨ ᠤᠪᠤᠭ᠎ᠠ᠂᠂᠂ ᠭᠡᠳ ᠤᠪᠤᠭ᠎ᠠ ᠶᠡᠷᠦ ᠠᠴᠠ ᠳᠤᠲᠠᠬᠤ ᠦᠭᠡᠢ᠂ ᠤᠯᠠᠨ ᠤᠯᠠᠨ | ᠤᠪᠥᠭ᠎ᠠ ᠠᠴᠠ ᠪᠠᠨ ᠮᠤᠩᠭᠤᠯᠴᠤᠳ ᠬᠡᠵᠢᠶᠡᠳᠠ ᠬᠠᠰᠢᠷᠠᠳᠠᠭ ᠦᠭᠡᠢ᠃ ᠤᠪᠥᠭ᠎ᠠ᠂ ᠮᠤᠩᠭᠤᠯᠴᠤᠳ ᠤᠨ ᠬᠡᠶᠢᠮᠤᠷᠢ | ᠰᠦᠯᠳᠡ ᠶᠢ ᠰᠡᠷᠭᠦᠭᠡᠨ ᠭᠡᠰᠢᠭ ᠪᠤᠶᠠᠨ ᠤ ᠳᠠᠯᠠᠯᠭ᠎ᠠ ᠪᠤᠯᠳᠠᠭ᠃ | ᠮᠤᠩᠭᠤᠯᠴᠤᠳ᠂ ᠤᠪᠤᠭ᠎ᠠ ᠤᠶᠢᠷᠠᠳᠬᠤ ᠠᠶᠠᠰ ᠢᠶᠠᠷ ᠤᠨᠤᠭ᠎ᠠ ᠬᠦᠯᠦᠭ ᠠᠴᠠ ᠪᠠᠨ ᠪᠠᠭᠤᠵᠤ᠂ ᠠᠶᠠᠯᠠᠵᠤ | ᠵᠤᠷᠴᠢᠭᠠ ᠭᠡᠷᠡᠭ ᠶᠠᠪᠤᠳᠠᠯ ᠤᠨ ᠦᠯᠵᠡᠢ ᠪᠦᠲᠦᠮᠵᠢᠲᠡᠢ ᠪᠤᠯᠬᠤ᠂ ᠠᠮᠤᠭᠤᠯᠠᠩ ᠲᠠᠶᠢᠪᠤᠭᠤ ᠭᠦᠮᠦᠨ ᠠᠷᠠᠳ ᠤᠨ | ᠦᠭᠡᠳᠡ ᠪᠠᠶᠠᠰᠬᠤᠯᠠᠩ ᠲᠠᠢ ᠪᠠᠶᠢᠬᠤ ᠶᠢ ᠰᠡᠳᠬᠢᠯ ᠤᠨ ᠳᠤᠲᠤᠷ᠎ᠠ ᠪᠠᠨ ᠳᠠᠭᠠᠳᠬᠠᠵᠤ᠂ ᠵᠠᠮ ᠳᠤ ᠲᠠᠭᠠᠷᠠᠯᠳᠤᠭᠰᠠᠨ | ᠴᠢᠯᠠᠭᠤ ᠶᠢ ᠲᠡᠭᠦᠵᠦ ᠤᠪᠤᠭᠠᠨ ᠳᠤ ᠪᠠᠨ ᠡᠷᠭᠦᠳᠡᠭ ᠵᠠᠩᠰᠢᠯ ᠲᠠᠢ᠃ ᠮᠤᠩᠭᠤᠯᠴᠤᠳ᠄ ︿ᠨᠢᠭᠡ ᠴᠢᠯᠠᠭᠤ ᠨᠢᠭᠡ | ᠬᠤᠨᠢ ᠶᠢ ᠲᠦᠯᠦᠭᠡᠯᠡᠳᠡᠭ ᠶᠤᠮ᠂ ᠤᠪᠤᠭ᠎ᠠ ᠰᠡᠴᠢ ᠳᠤ ᠪᠠᠨ ᠭᠤᠷᠪᠠᠨ ᠬᠤᠨᠢ ᠡᠷᠭᠦᠭᠡᠷᠡᠢ﹀ ᠭᠡᠵᠤ ᠬᠡᠤᠭᠡᠳ ᠲᠡᠭᠦᠦ | ᠨᠠᠷ ᠲᠤ ᠪᠠᠨ ᠰᠤᠷᠭᠠᠮᠵᠢᠯᠠᠨ᠂ ᠠᠪᠴᠦ ᠶᠠᠪᠤᠭ᠎ᠠ ᠠᠷᠢᠬᠢ ᠠᠴᠠ ᠪᠠᠨ ᠭᠤᠷᠪᠠ ᠭᠤᠷᠪᠠ ᠪᠠᠷ ᠶᠢᠰᠦ ᠡᠷᠭᠦᠬᠦ᠂ | ᠭᠠᠨᠵᠤᠭᠠᠯᠠᠵᠤ ᠲᠦᠭᠦᠷᠦᠭᠡ ᠴᠠᠭᠠᠨ ᠢᠳᠡᠭᠡᠨ᠂ ᠤᠯᠠᠭᠠᠨ ᠢᠳᠡᠭᠡᠨ᠂ ᠪᠤᠷᠤ ᠢᠳᠡᠭᠡᠨ ᠤ ᠪᠠᠨ ᠲᠡᠭᠡᠵᠢ ᠠᠴᠠ | ᠨᠠᠮᠠᠨᠴᠢᠯᠠᠨ ᠨᠠᠮᠠᠨᠴᠢᠯᠠᠨ ᠰᠠᠴᠤᠳᠠᠭ ᠮᠦᠷᠳᠡᠭᠡᠨ ᠬᠠᠷᠮᠠᠨ ᠬᠠᠪᠳᠠᠭ᠎ᠠ ᠳᠠᠬᠢ ᠵᠠᠶᠢᠷ ᠮᠦᠡᠭᠬᠦ ᠠᠴᠠ ᠪᠠᠨ ᠬᠠᠷᠠᠮᠨᠠᠵᠤ | ᠬᠠᠪᠴᠢᠯ ᠦᠭᠡᠢ ᠪᠠᠷ ᠤᠪᠤᠭᠠᠨ ᠳᠤ ᠪᠠᠨ ᠡᠷᠭᠦᠳᠡᠭ ᠵᠠᠩᠰᠢᠯ ᠲᠠᠢ ᠬᠦᠨᠳᠦᠳᠬᠡᠯᠳᠤ ᠠᠷᠠᠳ ᠲᠦᠮᠡᠨ ᠶᠤᠮᠰᠠᠨ᠃ | ᠲᠡᠭᠡᠬᠦ ᠠᠴᠠ ᠯᠡ ᠤᠪᠤᠭᠠᠨ ᠤ ᠤᠶᠢᠷ᠎ᠠ ᠲᠤᠭᠤᠷᠢᠨ ᠤ ᠴᠢᠯᠠᠭᠤ ᠴᠡᠪᠡᠷᠯᠡᠭᠳᠡᠵᠤ᠂ ᠤᠨᠤᠭ᠎ᠠ ᠮᠤᠷᠢ ᠶᠢᠨ ᠬᠦᠯ ᠳᠤ᠂ | ᠲᠡᠷᠭᠡ ᠬᠦᠰᠭᠡ ᠶᠢᠨ ᠵᠠᠮ ᠳᠤ ᠬᠠᠷᠰᠢ ᠰᠠᠭᠠᠳ ᠠᠷᠢᠯᠭᠠᠭᠳᠠᠵᠤ᠂ ᠶᠠᠪᠤᠳᠠᠯ ᠮᠦᠷ ᠤᠷᠤᠭᠰᠢᠳᠠᠢ ᠪᠤᠯᠳᠠᠭ | ᠢᠶᠠᠷ ᠢᠶᠠᠨ ᠮᠤᠩᠭᠤᠯᠴᠤᠳ ᠤᠪᠤᠭ᠎ᠠ ᠪᠠᠷ ᠢᠶᠠᠨ ᠰᠡᠳᠬᠢᠯ ᠢᠶᠠᠨ ᠵᠠᠰᠠᠭᠰᠠᠨ ᠢᠶᠠᠷ ᠦᠯᠦ ᠪᠠᠷᠠᠨ ᠢᠳᠡᠭᠡᠯ ᠢᠶᠠᠨ ᠴᠦ | ᠵᠠᠰᠠᠭᠰᠠᠨ ᠪᠠᠶᠢᠳᠠᠭ ᠶᠤᠮᠰᠠᠨ᠃ ᠪᠠᠭ᠎ᠠ ᠪᠠᠶᠢᠬᠤ ᠳᠤ᠂ ᠪᠦᠳᠦᠭᠦᠨ ᠪᠦᠳᠦᠭᠦᠨ ᠲᠠᠷᠭᠤᠨ ᠲᠠᠷᠭᠤᠨ ︿ᠬᠤᠨᠢ﹀ ᠶᠢ | ᠤᠪᠤᠭᠠᠨ ᠳᠤ ᠪᠠᠨ ᠡᠷᠭᠦᠬᠦ ᠪᠠᠷ ᠴᠢᠳᠠᠯ ᠠᠴᠠ ᠪᠠᠨ ᠬᠡᠳᠦ᠋ᠢᠳᠦᠭᠰᠡᠨ ᠴᠢᠯᠠᠭᠤ ᠶᠢ ᠠᠯᠤᠰ ᠠᠴᠠ ᠲᠡᠪᠡᠷᠢᠵᠤ | ᠬᠠᠮᠠᠷ ᠲᠤ ᠪᠠᠨ ᠬᠦᠯᠦᠰᠦ ᠪᠤᠷᠵᠠᠶᠢᠯᠭᠠᠨ ᠲᠠᠪᠬᠢᠯᠳᠤᠵᠤ ᠪᠠᠶᠢᠭᠰᠠᠨ ᠨᠢ ᠦᠨᠦ ᠪᠤᠳᠤᠬᠤ ᠳᠤ ᠨᠢᠭᠡ ᠶᠤᠰᠤᠨ ᠤ | ᠵᠢᠷᠭᠠᠯ ᠪᠤᠯᠵᠤ ᠬᠤᠴᠦᠷᠴᠠᠢ᠃ ᠠᠬᠠᠮᠠᠳᠴᠤᠤᠯ ᠢᠡᠭᠬᠢᠵᠤ ᠯᠡ ᠵᠠᠯᠠᠭᠤ ᠪᠠᠭᠠᠴᠤᠤᠯ ᠢᠶᠠᠨ ᠤᠬᠠᠭᠠᠯᠢᠭ ᠢᠶᠠᠷ | ᠬᠦᠷᠪᠡᠵᠢᠨ ᠲᠤᠷᠪᠢᠵᠢᠭᠤᠯᠵᠤ ᠤᠷᠮᠠᠰᠢᠭᠤᠯᠤᠨ ᠦᠰᠭᠡᠵᠤ ᠪᠠᠶᠢᠭᠰᠠᠨ ᠠᠵᠤᠭᠤ᠃ ᠬᠦᠮᠦᠨ ᠠᠷᠠᠳ ᠤᠨ ᠢᠶᠠᠨ | ᠬᠦᠴᠦ ᠴᠢᠳᠠᠯ ᠢ ᠨᠢ ᠲᠤᠷᠪᠢᠵᠢᠭᠤᠯᠵᠤ᠂ ᠬᠦᠮᠦᠨ ᠮᠦᠰᠦ ᠶᠢ ᠨᠢ ᠬᠦᠮᠦᠵᠢᠭᠦᠯᠬᠦ ᠳᠤ ᠤᠪᠤᠭ᠎ᠠ ᠤᠨᠴᠠ ᠶᠢᠨ | ᠭᠠᠪᠢᠶ᠎ᠠ ᠲᠠᠢ᠃ ᠮᠤᠩᠭᠤᠯᠴᠤᠳ ᠵᠤᠨ ᠪᠤᠯᠤᠭᠰᠠᠭᠠᠷ ᠯᠡ ᠤᠪᠤᠭ᠎ᠠ ᠪᠠᠨ ᠲᠠᠬᠢᠵᠤ᠂ ᠬᠤᠷ᠎ᠠ ᠪᠤᠷᠤᠭᠠᠨ ᠬᠦᠰᠡᠵᠤ | ᠦᠡᠭᠰᠢᠭ ᠲᠠᠪᠠᠯᠢᠭ ᠵᠢᠯ ᠪᠤᠯᠬᠤ ᠶᠢ ᠪᠡᠯᠭᠡᠰᠢᠶᠡᠨ ᠰᠢᠪᠰᠢᠵᠤ᠂ ᠮᠠᠯ ᠰᠦᠷᠦᠭ ᠤᠨ ᠨᠤᠭᠤᠭ᠎ᠠ ᠴᠠᠳᠴᠦ ᠲᠠᠷᠢᠶ᠎ᠠ | ᠲᠦᠮᠦᠰᠦ ᠶᠢᠨ ᠦᠷᠡᠯᠡᠵᠤ ᠨᠡᠬᠢᠶᠠᠯᠭ᠍ᠰᠠᠨ ᠦᠯᠵᠡᠢ ᠪᠠᠶᠠᠷ ᠢᠶᠠᠨ ᠪᠡᠯᠭᠡᠳᠡᠨ ᠨᠠᠶᠢᠷ ᠨᠠᠭᠠᠳᠤᠮ ᠤᠨ ᠡᠳᠦᠷ ᠪᠤᠯᠵᠤᠵᠤ | ᠬᠤᠯᠡ ᠤᠶᠢᠷ᠎ᠠ ᠶᠢᠨ ᠠᠬᠠᠰ ᠵᠠᠬᠠᠰ᠂ ᠠᠷᠠᠳ ᠮᠡᠯᠴᠢᠳ ᠪᠠ ᠦᠷᠭᠡᠨ ᠤᠯᠠᠨ ᠳᠤ ᠪᠠᠨ ᠨᠠᠶᠢᠷ ᠨᠠᠭᠠᠳᠤᠮ ᠤᠨ ᠵᠠᠷ | ᠲᠠᠷᠬᠠᠭᠠᠨ᠂ ᠮᠠᠰᠢ ᠢᠳᠡᠪᠬᠢᠳᠡᠢ ᠬᠦᠷ ᠬᠦᠭᠵᠢᠶᠡᠨ ᠲᠠᠢ ᠵᠤᠬᠢᠶᠠᠨ ᠪᠠᠶᠢᠭᠤᠯᠤᠯᠴᠠᠳᠠᠭ ᠨᠠᠨᠳᠢᠨ ᠤᠳᠤᠮᠰᠢᠯ ᠲᠠᠢ | ᠠᠷᠠᠳ ᠲᠦᠮᠡᠨ ᠪᠠᠶᠢᠭ᠎ᠠ᠃ ᠮᠤᠩᠭᠤᠯᠴᠤᠳ ᠤᠪᠤᠭᠠᠨ ᠲᠠᠬᠢᠯᠭ᠎ᠠ ᠪᠠᠨ ᠪᠠᠶᠠᠷᠬᠠᠨ ᠰᠤᠷᠳᠤᠭᠠᠯᠠᠬᠤ ᠶᠢᠨ ᠲᠦᠯᠦᠭᠡ | ᠪᠢᠰᠢ᠂ ᠢᠳᠡᠵᠤ ᠤᠤᠭᠤᠬᠤ ᠡᠷᠬᠢᠮᠰᠦᠭᠯᠡᠨ ᠴᠡᠩᠬᠡᠯᠳᠦᠬᠦ ᠶᠢᠨ ᠤᠴᠢᠷ ᠲᠤ ᠪᠤᠰᠤ᠂ ᠬᠠᠷᠢᠨ ︿ᠡᠷ᠎ᠡ ᠶᠢᠨ ᠭᠤᠷᠪᠠᠨ | ᠨᠠᠭᠠᠳᠤᠮ﹀ ᠢᠶᠠᠷ ᠬᠦᠴᠦ ᠴᠢᠳᠠᠯ ᠢᠶᠠᠨ ᠰᠤᠷᠢᠯᠴᠠᠵᠤ ᠤᠬᠠᠭ᠎ᠠ ᠲᠠᠮᠢᠷ ᠢᠶᠠᠨ ᠰᠢᠯᠭᠠᠨ ᠰᠡᠯᠪᠢᠵᠤ ᠰᠤᠷᠠᠭ ᠮᠡᠳᠡᠭᠡᠯᠡᠯ | ᠤᠯᠤᠯᠴᠠᠵᠤ ᠠᠵᠤ ᠠᠮᠢᠳᠤᠷᠠᠯ ᠢᠶᠠᠨ ᠦᠭᠡᠳᠡ ᠲᠠᠳᠠᠵᠤ ᠠᠩᠭ᠎ᠠ ᠪᠠᠭᠠᠴᠤᠤᠯ ᠢᠶᠠᠨ ᠲᠤᠳᠤᠷᠯᠢᠭ ᠰᠤᠷᠭᠠᠬᠤ ᠪᠠᠷ | ᠮᠠᠷᠡᠶᠢᠨ ᠵᠢᠳᠭᠦᠳᠡᠭ ᠤᠬᠠᠭᠠᠯᠢᠭ ᠠᠷᠠᠳ ᠲᠦᠮᠡᠨ ᠪᠠᠶᠢᠭ᠎ᠠ᠃ | ᠮᠤᠩᠭᠤᠯᠴᠤᠳ ᠤᠪᠤᠭ᠎ᠠ ᠶᠢᠨ ᠬᠠᠵᠠᠭᠤ ᠪᠠᠷ ᠵᠠᠮ ᠦᠡᠭᠭᠡᠷᠡᠬᠦ ᠳᠤ ᠪᠠᠨ ᠡᠷᠬᠢᠮ ᠶᠡᠬᠡᠰ᠂ ᠡᠭᠡᠯ ᠲᠤᠤᠷᠠᠳᠤ ᠭᠡᠵᠤ | ᠢᠯᠭᠠᠯ ᠦᠭᠡᠢ ᠪᠠᠷ ᠴᠢᠯᠠᠭᠤ ᠨᠡᠮᠡᠬᠦ ᠪᠠᠨ ᠬᠡᠵᠢᠶᠡᠳᠡ ᠮᠠᠷᠳᠠᠳᠠᠭ ᠦᠭᠡᠢ ᠤᠯᠠᠮᠵᠢᠯᠠᠯ ᠲᠠᠢ᠃ ᠶᠠᠮᠠᠷ ᠶᠠᠭᠠᠷᠠᠤ ᠴᠦ | ᠪᠤᠯᠤᠭ᠂ ᠶᠠᠮᠠᠷ ᠭᠡᠴᠡᠭᠦᠦ ᠴᠦ ᠪᠠᠶᠢᠭ᠂ ᠵᠠᠪᠠᠯ ᠤᠨᠤᠭ᠎ᠠ ᠬᠦᠰᠭᠡ ᠠᠴᠠ ᠪᠠᠨ ᠪᠠᠭᠤᠵᠤ᠂ ᠢᠳᠡᠭᠡᠨ ᠤ ᠲᠡᠭᠡᠵᠢ | ᠠᠪᠤᠭᠰᠠᠨ ᠦᠭᠡᠢ ᠪᠠᠶᠢᠭᠰᠠᠨ ᠴᠦ ᠤᠶᠢᠷ᠎ᠠ ᠤᠷᠴᠢᠮ ᠤᠨ ᠴᠢᠯᠠᠭᠤᠨ ᠠᠴᠠ ᠭᠤᠷᠪᠠ ᠡᠷᠭᠦᠬᠦ ᠶᠢ ᠵᠢᠷᠤᠮᠯᠠᠭᠰᠠᠭᠠᠷ | ᠢᠷᠡᠵᠡᠢ᠃ ᠠᠳᠠᠯᠢᠬᠠᠨ ᠶᠠᠪᠤᠳᠠᠯ ᠢᠶᠠᠷ ᠶᠠᠪᠤᠭᠰᠠᠨ ᠬᠤᠶᠠᠷ ᠵᠠᠯᠠᠭᠤ ᠶᠢᠨ ᠨᠢᠭᠡ ᠨᠢ ᠤᠪᠤᠭᠠᠨ ᠳᠤ ᠪᠠᠨ ᠴᠢᠯᠠᠭᠤ | ᠨᠡᠮᠡᠨ ᠵᠠᠯᠪᠠᠷᠢᠭᠠᠳ ᠭᠠᠷᠬᠤ ᠳᠤ᠂ ᠨᠦᠭᠦᠭᠡ ᠨᠢ ᠰᠡᠩᠭᠢᠨᠡᠳᠡᠯᠡ ᠲᠠᠪᠬᠢᠭᠤᠯᠤᠭᠠᠳ ᠴᠠᠭᠠᠨ᠎ᠠ ᠨᠢ ᠭᠠᠷᠤᠭᠠᠳ ᠬᠦᠷᠳᠦ | ᠪᠠᠨ ᠬᠠᠭᠠᠯᠴᠢᠬᠠᠭᠠᠳ ᠭᠠᠰᠠᠯᠵᠤ ᠰᠠᠭᠤᠬᠤ ᠲᠠᠢ ᠤᠯᠠᠨ ᠬᠠᠷᠭᠤᠳᠠᠭ ᠨᠢ ᠤᠪᠤᠭ᠎ᠠ ᠳᠤ ᠪᠠᠨ ᠵᠠᠯᠪᠢᠷᠠᠭᠰᠠᠨ ᠢ ᠨᠢ | ᠲᠤᠰᠠᠯᠠᠭᠠᠳ᠂ ᠤᠶᠢᠰᠢᠶᠠᠭᠰᠠᠨ ᠦᠭᠡᠢ ᠪᠠᠷ ᠵᠠᠯᠠᠷᠠᠭᠰᠠᠨ ᠢ ᠨᠢ ᠬᠤᠤᠷᠯᠠᠭᠰᠠᠨ ᠶᠠᠪᠤᠳᠠᠯ ᠤᠭᠳᠤ ᠪᠢᠰᠢ᠂ ᠬᠠᠷᠢᠨ | ᠦᠪᠡᠷ ᠦᠪᠡᠷ ᠤᠨ ᠰᠡᠳᠬᠢᠯ ᠢᠶᠠᠨ ᠲᠤᠭᠳᠠᠭᠤᠨ ᠪᠤᠯᠭᠠᠵᠤ᠂ ᠦᠢᠯᠡ ᠶᠠᠪᠤᠳᠠᠯ ᠢᠶᠠᠨ ᠭᠡᠷᠰᠡᠭᠦᠦ ᠪᠤᠯᠭᠤᠮᠵᠢᠳᠠᠢ | ᠪᠠᠶᠢᠯᠭᠠᠵᠤ ᠴᠢᠳᠠᠭᠰᠠᠨ ᠡᠰᠡᠬᠦ ᠲᠠᠢ ᠬᠤᠯᠪᠤᠭᠳᠠᠬᠤ ᠨᠠᠷᠢᠨ ᠵᠦᠢᠯᠡᠰ ᠪᠤᠯᠤᠯᠳᠠᠢ᠃ ᠵᠠᠯᠠᠭᠤ ᠪᠠᠭᠠᠴᠤᠤᠯ ᠮᠢᠨᠢ᠂ | ᠬᠤᠶᠠᠷᠬᠠᠨ ᠮᠢᠨᠦ᠋ᠲ ᠪᠠᠨ ᠵᠠᠷᠤᠴᠠᠭᠤᠯᠤᠨ ᠪᠠᠶᠢᠵᠤ ᠤᠪᠤᠭᠠᠨ ᠳᠤ ᠪᠠᠨ ᠴᠢᠯᠠᠭᠤ ᠨᠡᠮᠡᠵᠤ ᠢᠷᠦᠭᠡᠯ ᠵᠦᠡᠭᠨᠡᠯ ᠢᠶᠠᠨ | ᠡᠷᠭᠦᠵᠤ ᠭᠠᠷᠤᠭᠠᠷᠠᠢ᠃ ᠬᠡᠶᠢᠮᠤᠷᠢ ᠴᠢᠨᠢ ᠰᠡᠷᠭᠦᠬᠦ ᠶᠤᠮ᠂ ᠬᠡᠰᠢᠭ ᠪᠤᠶᠠᠨ ᠴᠢᠨᠢ ᠪᠠᠳᠠᠷᠠᠬᠤ ᠶᠤᠮ ᠰᠢᠤ᠃ | ᠮᠤᠩᠭᠤᠯ ᠨᠤᠳᠤᠭ ᠤᠨ ᠤᠪᠤᠭ᠎ᠠ ᠨᠢ ᠤᠷᠤᠨ ᠨᠤᠳᠤᠭ ᠤᠨ ᠵᠠᠭᠠᠭ ᠬᠢᠯᠢ ᠴᠦ ᠪᠤᠯᠬᠤ ᠶᠤᠮ᠃ ᠵᠠᠷᠢᠮ | ᠤᠪᠤᠭ᠎ᠠ ᠨᠢ ᠤᠨ ᠵᠢᠯ ᠢ ᠤᠯᠠᠨ ᠲᠤᠭᠤᠯᠵᠤ ᠲᠤᠮᠤ ᠦᠷᠳᠡᠭᠡᠨ ᠰᠦᠷᠯᠢᠭ ᠪᠤᠯᠤᠭᠰᠠᠨ ᠪᠠᠶᠢᠳᠠᠭ᠃ ᠤᠪᠤᠭ᠎ᠠ | ᠪᠤᠯᠭᠠᠨ ᠤ ᠰᠢᠳᠦᠭᠡᠨ ᠨᠢ ᠠᠳᠠᠯᠢ ᠦᠭᠡᠢ᠂ ᠰᠠᠩ ᠤᠨ ᠢᠷᠤᠭᠡᠯ ᠨᠢ ᠠᠳᠠᠯᠢ ᠦᠭᠡᠢ᠂ ᠲᠠᠬᠢᠯᠭ᠎ᠠ ᠶᠢᠨ ᠵᠠᠩ | ᠵᠢᠷᠤᠮᠰᠢᠯ ᠨᠢ ᠴᠦ ᠠᠳᠠᠯᠢ ᠦᠭᠡᠢ ᠪᠠᠶᠢᠳᠠᠭ ᠴᠦ ᠬᠠᠮᠢᠭ᠎ᠠ ᠠᠴᠠ ᠬᠡᠨ ᠢᠷᠡᠭᠰᠡᠨ ᠴᠦ ᠡᠷᠭᠦᠯᠳᠡ ᠡᠷᠭᠦᠵᠤ ᠰᠢᠪᠰᠢᠨ | ᠲᠠᠭᠠᠳᠬᠠᠵᠤ ᠮᠦᠷᠭᠦᠨ ᠲᠡᠭᠡᠳᠦᠯᠡᠬᠦ ᠨᠢ ᠠᠳᠠᠯᠢᠬᠠᠨ ᠪᠠᠶᠢᠳᠠᠭ᠃ ᠵᠠᠷᠢᠮ ᠡᠷᠳᠡᠨ ᠤ ᠤᠪᠤᠭᠠᠨ ᠤ ᠱᠦᠡᠭ ᠨᠢ ᠮᠤᠷᠢ | ᠤᠨᠤᠭᠰᠠᠨ ᠡᠷᠢᠯ ᠤᠨ ᠬᠦᠮᠦᠨ ᠪᠠᠶᠢᠬᠤ ᠳᠤ᠂ ᠵᠠᠷᠢᠮ ᠤᠪᠤᠭᠠᠨ ᠤ ᠱᠦᠡᠭ ᠨᠢ ᠴᠠᠭᠠᠨ ᠡᠷᠢᠶᠡᠨ ᠮᠤᠭᠠᠢ ᠴᠦ | ᠪᠠᠶᠢᠳᠠᠭ᠃ ᠵᠠᠷᠢᠮ ᠤᠪᠤᠭᠠᠨ ᠤ ᠱᠦᠡᠭ ᠨᠢ ᠬᠠᠭᠠᠨ ᠶᠡᠬᠡᠰ᠂ ᠨᠤᠶᠠᠳ ᠭᠡᠭᠡᠳ ᠤᠨ ᠬᠠᠶᠢᠷᠠᠯᠠᠯ ᠵᠡᠷᠭᠡᠯᠡᠯ ᠤᠨ ᠡᠳ᠋ | ᠠᠭᠤᠷᠰᠤᠨ ᠪᠠᠶᠢᠬᠤ ᠳᠤ᠂ ᠵᠠᠷᠢᠮ ᠤᠪᠤᠭᠠᠨ ᠤ ᠱᠦᠡᠭ ᠨᠢ ᠮᠠᠨᠢ ᠲᠠᠷᠨᠢ ᠶᠢᠨ ᠦᠰᠦᠭ ᠲᠠᠢ ᠡᠳ᠋ ᠦᠯᠦᠭ ᠪᠠᠶᠢᠳᠠᠭ᠂ | ᠵᠠᠷᠢᠮ ᠤᠪᠤᠭᠠᠨ ᠤ ᠱᠦᠡᠭ ᠨᠢ ᠬᠢᠯᠢ ᠵᠠᠭᠠᠭ ᠢᠶᠠᠨ ᠲᠤᠳᠤᠷᠬᠠᠶᠢᠯᠠᠭᠰᠠᠨ ᠢᠯᠵᠠᠷᠠᠵᠤ ᠰᠦᠢᠳᠦᠳᠡᠭ ᠦᠭᠡᠢ | ᠨᠡᠭᠦᠷᠡᠰᠦ ᠴᠦ ᠪᠠᠶᠢᠳᠠᠭ᠃ ᠮᠤᠩᠭᠤᠯ ᠤᠷᠤᠨ ᠨᠢ ᠶᠡᠷᠦᠩᠬᠡᠢ ᠳᠤ ᠪᠠᠨ ᠴᠢᠭᠤᠯᠭᠠᠨ ᠤ ᠵᠠᠭᠠᠭ᠂ ᠬᠤᠰᠢᠭᠤᠨ ᠵᠠᠭᠠᠭ | ᠪᠤᠶᠤ ᠠᠶᠢᠯ ᠨᠤᠳᠤᠭ ᠤᠨ ᠵᠠᠭᠠᠭ ᠢᠶᠠᠨ ᠠᠭᠤᠯᠠᠨ ᠤᠷᠤᠢ᠂ ᠭᠤᠤᠯ ᠢᠶᠠᠷ ᠬᠡᠮᠵᠢᠶᠡᠯᠡᠭᠰᠡᠭᠡᠷ ᠢᠷᠡᠭᠰᠡᠨ ᠶᠤᠮ᠃ | ᠵᠢᠱᠢᠶᠡᠯᠡᠬᠦ ᠳᠤ᠂ ᠮᠠᠩᠬᠠᠳᠤ ᠶᠢᠨ ᠤᠷᠤᠢ ᠶᠢᠨ ᠤᠪᠤᠭᠠᠨ ᠠᠴᠠ ᠵᠡᠭᠦᠨᠳᠡᠬᠢ ᠨᠢ ᠮᠢᠨᠤ ᠪᠡᠯᠴᠢᠭᠡᠷ᠂ ᠪᠠᠷᠠᠭᠤᠨᠳᠡᠬᠢ ᠨᠢ | ᠮᠢᠳᠤᠭ ᠤᠨ ᠪᠡᠯᠴᠢᠭᠡᠷ ᠭᠡᠬᠦ᠂ ᠠᠷᠵᠠᠭᠠᠷ ᠤᠨ ᠲᠠᠪᠠᠭᠠᠨ ᠤᠪᠤᠭᠠᠨ ᠠᠴᠠ ᠨᠠᠭᠠᠰᠢᠬᠢ ᠨᠢ ᠮᠠᠨ ᠤ ᠬᠤᠰᠢᠭᠤᠨ ᠤ | ᠭᠠᠵᠠᠷ᠂ ᠴᠠᠭᠠᠰᠢᠬᠢ ᠨᠢ ᠵᠡᠭᠦᠨ ᠪᠠᠭᠠᠷᠢᠨ ᠤ ᠭᠠᠵᠠᠷ ᠭᠡᠬᠦ᠂ ᠰᠢᠷ᠎ᠡ ᠮᠦᠷᠡᠨ ᠤ ᠡᠮᠤᠨ᠎ᠡ ᠬᠦᠪᠡᠭᠡ ᠨᠢ ᠵᠢᠷᠢᠮ ᠤᠨ | ᠨᠤᠳᠤᠭ᠂ ᠬᠤᠶᠢᠨᠠᠬᠢ ᠬᠦᠪᠡᠭᠡ ᠨᠢ ᠵᠤᠤ ᠤᠳᠠ ᠶᠢᠨ ᠨᠤᠳᠤᠭ ᠭᠡᠬᠦ ᠮᠡᠳᠦ ᠪᠠᠷ ᠬᠢᠯᠢ ᠵᠠᠭᠠᠭ ᠢᠶᠠᠨ | ᠢᠯᠭᠠᠬᠤ ᠳᠤ ᠪᠠᠨ ᠠᠭᠤᠯᠠ ᠦᠭᠡᠢ ᠲᠡᠯᠡᠷᠬᠠᠭ ᠭᠠᠵᠠᠷ᠂ ᠭᠤᠤᠯ ᠦᠭᠡᠢ ᠭᠤᠪᠢᠯᠢᠭ ᠴᠦᠯ ᠨᠤᠳᠤᠭ ᠲᠤ ᠪᠠᠨ | ᠤᠪᠤᠭ᠎ᠠ ᠪᠤᠰᠬᠠᠨ ᠨᠡᠷᠡᠰᠢᠭᠦᠯᠦᠨ ᠴᠤᠯᠠᠯᠠᠵᠤ᠂ ᠠᠯᠳᠠᠷᠰᠢᠭᠤᠯᠤᠨ ᠲᠡᠭᠡᠳᠦᠯᠡᠳᠡᠭ ᠲᠡᠯᠭᠡᠷ ᠤᠬᠠᠭᠠᠨ ᠲᠠᠢ ᠲᠡᠭᠷᠢᠯᠢᠭ | ᠠᠷᠠᠳ ᠲᠦᠮᠡᠨ ᠰᠢᠤ ᠳ᠋ᠠ᠃ ᠵᠢᠱᠢᠶᠠᠯᠠᠪᠠᠯ᠂ ᠲᠦᠭᠦᠷᠡᠩ ᠤᠪᠤᠭᠠᠨ ᠤ ᠬᠤᠶᠢᠭᠤᠷᠬᠢ ᠬᠠᠳᠤᠯᠠᠩ ᠴᠠᠬᠢᠭᠤᠷᠳᠤ | ᠭᠠᠴᠠᠭᠠᠨ ᠤ᠂ ᠤᠷᠢᠳᠤᠭᠤᠷᠬᠢ ᠬᠠᠳᠤᠯᠠᠩ ᠴᠠᠶᠢᠳᠠᠮ ᠭᠠᠴᠠᠭᠠᠨ ᠤ ᠬᠢ ᠭᠡᠵᠤ ᠨᠠᠷᠢᠨ ᠢᠯᠭᠠᠳᠠᠭ ᠪᠠᠶᠢᠵᠠᠢ᠃ | ᠤᠯᠠᠮᠵᠢᠯᠠᠯ ᠶᠠᠷᠢᠶᠠᠨ ᠳᠤ᠂ ᠴᠢᠩᠬᠢᠰ ᠬᠠᠭᠠᠨ ᠤ ᠲᠦᠷᠪᠡᠨ ᠬᠦᠯᠦᠭ ᠤᠨ ᠨᠢᠭᠡ ᠪᠤᠯᠬᠤ ᠮᠤᠬᠤᠯᠠᠢ ᠦᠪᠡᠷ ᠤᠨ ᠭᠡᠭᠦᠷ | ᠴᠢᠨᠳᠠᠷ ᠢᠶᠠᠨ ᠲᠤᠳᠤᠷ ᠤᠷᠤᠨ ᠢ ᠭᠠᠷᠤᠭᠰᠠᠭᠠᠷ ᠨᠤᠳᠤᠭᠯᠠᠭᠤᠯᠵᠤ᠂ ᠬᠢᠳᠡᠳ ᠮᠤᠩᠭᠤᠯ ᠤᠨ ᠬᠢᠯᠢ ᠶᠢᠨ ᠵᠠᠭᠠᠭ | ᠪᠤᠯᠭᠠᠭᠰᠠᠨ ᠭᠡᠳᠡᠭ᠃ ᠤᠳᠤ ᠪᠤᠳᠤᠬᠤ ᠳᠤ ᠵᠡᠭᠦᠨ ᠭᠠᠷ ᠤᠨ ᠲᠦᠮᠡᠨ ᠤ ᠨᠤᠶᠠᠨ᠂ ᠤᠯᠤᠰ ᠤᠨ ᠲᠠᠶᠢᠰᠢ ᠭᠤᠸ᠎ᠠ | ᠸᠠᠩ ᠮᠤᠬᠤᠯᠠᠢ ᠶᠠᠭᠠᠬᠢᠭᠰᠠᠨ ᠶᠡᠭᠡ ᠠᠯᠤᠰ ᠤᠨ ᠪᠤᠳᠤᠯᠭᠠᠳᠤ ᠴᠢᠭᠡᠴᠢ ᠮᠡᠷᠭᠡᠨ ᠪᠠᠳᠤ ᠵᠢᠷᠤᠮᠳᠤ ᠬᠦᠮᠦᠨ ᠪᠤᠯᠬᠤ | ᠠᠵᠠᠢ᠃ | ᠮᠤᠩᠭᠤᠯ ᠨᠤᠳᠤᠭ ᠤᠨ ᠤᠪᠤᠭ᠎ᠠ ᠨᠢ ᠮᠠᠯᠵᠢᠬᠤ ᠠᠮᠢᠳᠤᠷᠠᠯ ᠤᠨ ᠪᠡᠯᠭᠡ ᠲᠡᠮᠳᠡᠭ ᠶᠤᠮ᠃ ᠮᠤᠩᠭᠤᠯᠴᠤᠳ | ᠠᠭᠤᠯᠠ ᠠᠳᠡᠭᠦᠷᠡᠬᠦ ᠠᠴᠠ ᠪᠢᠰᠢ᠂ ᠤᠪᠤᠭ᠎ᠠ ᠠᠳᠡᠭᠦᠷᠡᠬᠦ ᠶᠤᠰᠤ ᠦᠭᠡᠢ᠃ ᠪᠦᠷᠭᠦᠭᠡᠰᠦᠳᠡᠢ ᠲᠠᠢ ᠬᠠᠨ ᠠᠭᠤᠯᠠ | ᠶᠢᠨ ᠵᠠᠭᠦᠨ ᠤᠷᠤᠢ ᠶᠢ ᠨᠢ ᠭᠤᠤᠯ ᠤᠷᠤᠢ ᠭᠡᠵᠤ᠂ ᠵᠢᠩᠬᠢᠨᠢ ᠤᠷᠤᠢ ᠶᠢ ᠶᠢ ᠨᠢ ᠠᠳᠡᠭᠦᠷᠡᠬᠦ ᠤᠴᠢᠷ ᠭᠠᠷᠬᠤ | ᠲᠤᠬᠢᠶᠠᠯᠳᠤᠯ ᠪᠠᠶᠢᠳᠠᠭ ᠠᠴᠠ ᠪᠢᠰᠢ᠂ ᠬᠠᠷᠢᠨ ᠮᠡᠶᠢᠷᠡᠨ ᠤᠪᠤᠭ᠎ᠠ ᠶᠢ ᠭᠡᠭᠡᠨ ᠤᠪᠤᠭ᠎ᠠ ᠭᠡᠵᠤ ᠰᠤᠯᠢᠭᠠᠶᠢᠳᠠᠭᠤᠯᠵᠤ | ᠲᠠᠭᠤᠳᠠᠬᠤ ᠤᠴᠢᠷ ᠭᠡᠵᠢᠶᠡᠳᠡ ᠬᠠᠷᠭᠤᠳᠠᠭ ᠦᠭᠡᠢ᠃ ᠤᠴᠢᠷ ᠨᠢ ᠠᠭᠤᠯᠠᠨ ᠳᠤ ᠵᠢᠯ ᠪᠦᠷᠢ ᠤᠴᠢᠳᠠᠭ ᠦᠭᠡᠢ ᠴᠦ | ᠤᠪᠤᠭᠠᠨ ᠳᠤ ᠪᠠᠨ ᠵᠢᠯ ᠪᠦᠷᠢ ᠤᠴᠢᠵᠤ ᠡᠷᠭᠦᠴᠡ ᠲᠡᠶᠢᠯᠭᠠ ᠪᠠᠨ ᠶᠠᠪᠤᠭᠤᠯᠳᠠᠭ ᠠᠴᠠ ᠪᠤᠯᠵᠠᠢ᠃ ᠲᠡᠭᠡᠬᠦ ᠠᠴᠠ | ᠮᠠᠯ ᠠᠳᠤᠭᠤᠨ ᠤ ᠡᠷᠢᠯ ᠤᠨ ᠬᠦᠮᠦᠰ ᠲᠤ ᠰᠤᠷᠠᠭ ᠲᠤᠭᠤᠯᠭᠠᠬᠤ ᠳᠤ ᠪᠠᠨ ᠲᠠᠯᠠᠨ ᠬᠠᠷ᠎ᠠ ᠶᠢᠨ ᠡᠩᠭᠡᠷ ᠲᠤ ᠭᠡᠵᠤ | ᠪᠦᠳᠦᠭᠦᠪᠴᠢᠯᠡᠨ ᠵᠢᠭᠠᠵᠤ ᠦᠭᠳᠡᠭ ᠦᠭᠡᠢ᠂ ᠬᠠᠷᠢᠨ ᠵᠢᠷᠤᠬᠡᠨ ᠤᠪᠤᠭᠠᠨ ᠤ ᠵᠡᠭᠦᠨ ᠰᠤᠭᠤ ᠪᠠᠷ᠂ ᠪᠠᠶᠠᠨ | ᠰᠢᠯᠢ ᠶᠢᠨ ᠤᠪᠤᠭᠠᠨ ᠤ ᠪᠠᠷᠠᠭᠤᠨ ᠲᠡᠪᠰᠡᠭ ᠢᠶᠠᠷ᠂᠂᠂ ᠭᠡᠬᠦ ᠮᠡᠳᠦ ᠪᠠᠷ ᠤᠨᠤᠪᠴᠢᠯᠠᠨ ᠰᠤᠨᠤᠷᠳᠠᠭᠤᠯᠳᠠᠭ | ᠲᠤᠩᠭᠠᠯᠠᠭ ᠤᠬᠠᠭᠠᠨᠳᠤ ᠠᠷᠠᠳ ᠲᠦᠮᠡᠨ ᠠᠵᠠᠢ᠃ ᠵᠢᠯ ᠪᠦᠷᠢ ᠰᠦᠷᠦᠭ ᠤᠨ ᠰᠤᠳᠤᠨ ᠠᠴᠠ ᠪᠠᠨ ᠰᠤᠩᠭᠤᠵᠤ | ᠡᠳ᠋ᠯᠡᠨ᠂ ᠪᠦᠭᠦᠯᠢ ᠰᠢᠭᠦᠰᠦ ᠪᠤᠶᠤ ᠤᠭᠤᠴᠠ ᠡᠪᠴᠢᠭᠦᠦ ᠪᠠᠷ ᠢᠶᠠᠨ ᠤᠪᠤᠭ᠎ᠠ ᠪᠠᠨ ᠲᠠᠬᠢᠵᠤ᠂ ᠤᠰᠤᠨ ᠤ | ᠲᠤᠩᠭᠠᠯᠠᠭ᠂ ᠡᠪᠡᠰᠤᠨ ᠤ ᠰᠤᠷᠭᠤᠭ ᠢ ᠦᠵᠡᠵᠤ ᠨᠠᠶᠢᠷ ᠨᠠᠭᠠᠳᠤᠮ ᠡᠭᠦᠰᠭᠡᠨ ᠦᠳᠡᠯᠤᠭᠡ ᠨᠠᠰᠤᠳᠠᠳ ᠢᠶᠠᠨ | ᠪᠠᠶᠠᠰᠬᠠᠨ᠂ ᠦᠰᠪᠤᠷᠢ ᠪᠠᠭᠠᠴᠤᠳ ᠠᠴᠠ ᠤᠷᠮᠠᠰᠢᠭᠤᠯᠤᠨ᠂ ᠦᠪᠡᠷ ᠵᠠᠭᠤᠷ᠎ᠠ ᠪᠠᠨ ᠡᠪ ᠪᠦᠯᠬᠦᠮᠳᠡᠯ ᠢᠶᠠᠨ | ᠪᠠᠳᠤᠳᠬᠠᠵᠤ ᠶᠠᠪᠤᠳᠠᠭ ᠪᠢᠯᠢᠭᠦᠨ ᠤᠶᠤᠨᠳᠤ ᠠᠷᠠᠳ ᠲᠦᠮᠡᠨ ᠪᠠᠶᠢᠭ᠎ᠠ᠃ | ᠮᠤᠩᠭᠤᠯᠴᠤᠳ᠂ ᠬᠤᠷ᠎ᠠ ᠲᠤᠨᠤᠳᠠᠰᠤ ᠶᠢᠨ ᠲᠡᠩᠴᠡᠭᠦᠨ ᠡᠶᠡᠪᠡᠷᠭᠦᠦ ᠶᠢ ᠤᠪᠤᠭᠠᠨ ᠳᠤ ᠪᠠᠨ ᠰᠦᠰᠦᠭᠯᠡᠵᠤ᠂ | ᠬᠦᠮᠦᠨ ᠠᠷᠠᠳ ᠤᠨ ᠢᠶᠠᠨ ᠠᠵᠠ ᠵᠢᠷᠭᠠᠯᠠᠩ ᠶᠢ ᠤᠪᠤᠭᠠᠨ ᠳᠤ ᠪᠠᠨ ᠰᠦᠵᠢᠭᠯᠡᠵᠤ᠂ ᠬᠠᠳᠤᠯᠠᠩ ᠪᠡᠯᠴᠢᠭᠡᠷ ᠤᠨ | ᠢᠶᠠᠨ ᠦᠡᠭ ᠰᠢᠮᠡᠯᠢᠭ ᠢ ᠤᠪᠤᠭᠠᠨ ᠳᠤ ᠪᠠᠨ ᠲᠠᠭᠠᠳᠬᠠᠵᠤ᠂ ᠮᠡᠯ ᠰᠦᠷᠦᠭ ᠤᠨ ᠢᠶᠠᠨ ᠦᠶᠤᠭ᠌ ᠲᠠᠷᠭᠤ ᠲᠠᠢ ᠶᠢ | ᠤᠪᠤᠭᠠᠨ ᠳᠤ ᠪᠠᠨ ᠵᠠᠯᠪᠢᠷᠠᠵᠤ᠂ ᠠᠳᠠᠯ ᠦᠢᠯᠡᠰ ᠢᠶᠠᠨ ᠪᠤᠰᠬᠠᠵᠤ ᠠᠯᠳᠠᠨ ᠲᠡᠯᠡᠬᠡᠢ ᠳᠤ ᠠᠯᠳᠠᠷ ᠵᠢᠳᠬᠦᠯ ᠢᠶᠠᠨ | ᠲᠠᠭᠤᠷᠢᠰᠤᠭᠤᠯᠵᠤ ᠶᠠᠪᠤᠭᠰᠠᠨ ᠠᠭᠤᠤ ᠶᠡᠭᠡ ᠠᠷᠠᠳ ᠲᠦᠮᠡᠨ ᠶᠤᠮᠰᠠᠨ᠃ | ᠮᠤᠩᠭᠤᠯ ᠨᠤᠳᠤᠭ ᠤᠨ ᠤᠪᠤᠭ᠎ᠠ ᠨᠢ ᠡᠬᠡ ᠪᠠᠶᠢᠭᠠᠯᠢ ᠪᠠᠨ ᠬᠠᠶᠢᠷᠠᠯᠠᠨ ᠬᠠᠮᠠᠭᠠᠯᠠᠬᠤ ᠶᠢᠨ ᠪᠡᠯᠭᠡᠳᠡᠯ ᠪᠤᠯᠬᠤ | ᠶᠤᠮ᠃ ᠮᠤᠩᠭᠤᠯᠴᠤᠳ᠄ ︿ᠤᠪᠤᠭ᠎ᠠ ᠲᠠᠢ ᠠᠭᠤᠯᠠᠨ ᠳᠤ ᠢᠮᠠᠭ᠎ᠠ ᠪᠠᠨ ᠪᠤᠤ ᠬᠠᠷᠢᠭᠤᠯ᠂ ᠮᠤᠳᠤ ᠲᠦᠯᠡᠭᠡ ᠶᠢ | ᠤᠭᠳᠤᠯᠵᠤ ᠰᠦᠢᠳᠬᠡᠬᠦ ᠶᠢ ᠬᠡᠷᠰᠡᠭᠦᠯ ᠭᠡᠵᠤ ᠬᠢᠴᠢᠶᠡᠨ ᠰᠡᠷᠡᠮᠵᠢᠯᠡᠭᠦᠯᠳᠡᠭ ᠨᠢ ᠡᠭᠦᠷᠢᠳᠡ ᠶᠢᠨ ᠵᠤᠷᠰᠢᠯ ᠶᠤᠮ᠃ | ᠤᠡᠭᠭᠤᠨ ᠪᠠᠶᠢᠭᠠᠯᠢ ᠯᠠ ᠰᠠᠶ᠋ᠢ ᠤᠨᠳᠤᠷᠤᠯᠭ᠎ᠠ ᠠᠮᠢᠳᠤᠷᠠᠯᠭ᠎ᠠ ᠳᠤ ᠠᠴᠢ ᠲᠤᠰᠠ ᠪᠠᠨ ᠦᠭᠳᠡᠭ ᠢ ᠡᠷᠳᠡᠨ ᠠᠴᠠ | ᠮᠡᠳᠡᠵᠤ ᠲᠠᠨᠢᠭᠰᠠᠨ ᠨᠢ ᠮᠡᠨ ᠤ ᠡᠪᠦᠭᠡ ᠲᠡᠭᠡᠳᠦᠰ ᠪᠤᠯᠬᠤ ᠶᠤᠮ᠃ ᠲᠡᠯᠡᠬᠡᠢ ᠨᠡᠶᠢᠳᠡ ᠪᠠᠷ ᠢᠶᠠᠨ ᠰᠠᠨᠠᠭᠠᠨ ᠳᠤ ᠴᠦ | ᠦᠭᠡᠢ ᠪᠠᠶᠢᠬᠤ ᠳᠤ᠂ ᠮᠤᠩᠭᠤᠯᠴᠤᠳ ᠠᠭᠤᠯᠠ ᠪᠠᠨ ᠲᠠᠷᠬᠠᠯᠠᠵᠤ᠂ ᠤᠰᠤ ᠪᠤᠯᠠᠭ ᠢᠶᠠᠨ ᠠᠷᠢᠭᠤᠯᠠᠨ ᠲᠠᠬᠢᠳᠠᠭ | ᠭᠡᠭᠡᠨ ᠪᠢᠯᠢᠭ᠍ᠳᠤ ᠨᠡᠭᠦᠳᠡᠯᠴᠢᠨ ᠠᠷᠠᠳ ᠲᠦᠮᠡᠨ ᠪᠤᠯᠬᠤ ᠶᠤᠮᠰᠠᠨ᠃ | ᠮᠤᠩᠭᠤᠯᠴᠤᠳ ᠤᠪᠤᠭ᠎ᠠ ᠪᠠᠷ ᠢᠶᠠᠨ ᠰᠡᠳᠬᠢᠴᠡ ᠶᠢᠨ ᠵᠠᠰᠠᠯ ᠪᠤᠯᠭᠠᠳᠠᠭ ᠢᠶᠠᠷ ᠦᠯᠦ ᠪᠠᠷᠠᠨ ᠪᠢᠰᠢᠷᠠᠯ | ᠬᠦᠨᠳᠦᠳᠬᠡᠯ ᠤᠨ ᠵᠠᠰᠠᠯ ᠪᠤᠯᠭᠠᠵᠤ ᠪᠠᠶᠢᠵᠠᠢ᠃ ᠬᠤᠯᠠ ᠶᠠᠪᠤᠭᠠᠳ ᠢᠷᠡᠭᠰᠡᠨ ᠬᠦᠦ ᠳᠤ ᠪᠠᠨ᠄ ︿ᠬᠦᠦ ᠮᠢᠨᠢ᠂ | ᠵᠢᠭᠠᠬᠠᠨ ᠠᠮᠤᠰᠬᠢᠭᠠᠳ ᠤᠪᠤᠭ᠎ᠠ ᠳᠤ ᠪᠠᠨ ᠤᠴᠢᠵᠤ ᠮᠦᠷᠭᠦᠨ᠂ ᠤᠯᠵᠤ ᠠᠯᠳᠠᠭᠰᠠᠨ ᠢᠶᠠᠨ ᠤᠴᠢᠷᠯᠠᠨ | ᠲᠠᠭᠠᠳᠬᠠᠵᠤ ᠢᠷᠡᠭᠡᠷᠡᠢ﹀ ᠭᠡᠵᠤ ᠶᠠᠪᠤᠭᠤᠯᠳᠠᠭ ᠲᠠᠳᠬᠠᠯ ᠲᠠᠢ᠃ ᠦᠷ᠎ᠡ ᠭᠡᠤᠭᠡᠳ ᠨᠢ ᠤᠪᠤᠭᠠᠨ ᠳᠤ ᠪᠠᠨ ᠴᠢᠯᠠᠭᠤ | ᠨᠡᠮᠡᠵᠤ᠂ ᠠᠪᠤ ᠡᠵᠢ ᠳᠤ ᠪᠠᠨ ᠬᠡᠯᠡᠭᠰᠡᠨ ᠦᠭᠡᠢ ᠰᠡᠳᠬᠢᠯ ᠤᠨ ᠦᠭᠡ ᠪᠠᠨ᠂ ᠠᠬ᠎ᠠ ᠠᠭ᠎ᠠ ᠳᠤ ᠪᠠᠨ ᠶᠠᠷᠢᠭᠰᠠᠨ | ᠦᠭᠡᠢ ᠠᠯᠳᠠᠭ᠎ᠠ ᠤᠨᠤᠭ᠎ᠠ ᠪᠠᠨ ᠰᠡᠳᠬᠢᠯ ᠢᠶᠠᠨ ᠠᠭᠤᠵᠢᠷᠠᠳᠠᠯ᠎ᠠ ᠲᠡᠯᠭᠡᠵᠤ ᠠᠵᠤ ᠠᠮᠢᠳᠤᠷᠠᠯ᠂ ᠠᠵᠢᠯ | ᠦᠢᠯᠡᠰ ᠤᠨ ᠢᠶᠠᠨ ᠡᠷᠭᠢᠴᠡᠭᠦᠯᠦᠯ ᠲᠤᠷᠰᠢᠯᠭ᠎ᠠ ᠢᠶᠠᠨ ᠳ᠋ᠦᠡᠭᠨᠡᠨ ᠬᠤᠷᠢᠶᠠᠩᠭᠤᠶᠢᠯᠠᠵᠤ᠂ ᠰᠡᠳᠬᠢᠯ ᠤᠨ ᠴᠢᠯᠡᠭᠡ ᠪᠠᠨ | ᠠᠯᠳᠠᠷᠠᠭᠠᠵᠤ ᠰᠠᠨᠠᠭᠠᠨ ᠤ ᠭᠬᠢᠷ ᠢᠶᠠᠨ ᠴᠡᠪᠡᠷᠯᠡᠵᠤ ᠴᠤᠭ ᠰᠦᠯᠳᠡ ᠲᠠᠢ ᠪᠤᠴᠠᠵᠤ ᠬᠠᠷᠢᠳᠠᠭ ᠲᠠᠯᠳᠠ ᠲᠠᠮᠢᠷᠯᠢᠭ | ᠪᠤᠷᠬᠠᠨᠰᠠᠭ ᠠᠷᠠᠳ ᠲᠦᠮᠡᠨ ᠶᠤᠮᠰᠠᠨ᠃ ᠮᠤᠩᠭᠤᠯ ᠨᠤᠳᠤᠭ ᠤᠨ ᠤᠪᠤᠭ᠎ᠠ ᠨᠢ ᠮᠤᠩᠭᠤᠯ ᠰᠤᠶᠤᠯ ᠤᠨ ᠤᠬᠢ | ᠲᠠᠯᠠᠰᠳᠤ ᠪᠤᠯᠬᠤ ᠶᠤᠮ᠃ ᠮᠤᠩᠭᠤᠯ ᠨᠤᠳᠤᠭ ᠤᠨ ᠤᠪᠤᠭ᠎ᠠ ᠨᠢ ᠮᠤᠩᠭᠤᠯᠴᠤᠳ ᠤᠨ ᠠᠯᠳᠠᠨ ᠮᠤᠳᠤᠷ ᠢᠶᠠᠷ | ᠴᠤᠭᠴᠠᠯᠠᠭᠳᠠᠵᠤ ᠠᠯᠠᠭᠠᠨ ᠤ ᠬᠦᠯᠦᠰᠦ ᠨᠢ ᠰᠢᠩᠭᠡᠭᠰᠡᠨ ᠠᠯᠳᠠᠨ ᠠᠭᠤᠯᠠ ᠠᠴᠠ ᠴᠦ ᠦᠨ᠎ᠡ ᠴᠠᠨ᠎ᠠ ᠲᠠᠢ ᠠᠭᠤᠤ | ᠰᠤᠶᠤᠯ ᠤᠨ ᠮᠢᠨᠢ ᠤᠬᠢ ᠲᠠᠯᠠᠰᠳᠤ ᠶᠢᠨ ᠨᠢᠭᠡᠨ ᠪᠤᠯᠬᠤ ᠶᠢ ᠠᠳᠡ ᠤᠨᠴᠠᠭᠠᠶᠢᠷᠠᠭᠤᠯᠤᠨ ᠲᠡᠮᠳᠡᠭᠯᠡᠶ᠎ᠡ᠃ ᠮᠤᠩᠭᠤᠯ | ᠬᠦᠮᠦᠨ ᠤᠪᠤᠭ᠎ᠠ ᠲᠠᠢ ᠪᠠᠶᠢᠳᠠᠭ ᠠᠴᠠ ᠬᠡᠶᠢᠮᠤᠷᠢ ᠲᠠᠢ ᠪᠠᠶᠢᠳᠠᠭ᠂ ᠤᠪᠤᠭ᠎ᠠ ᠪᠠᠨ ᠲᠡᠭᠡᠳᠦᠯᠡᠳᠡᠭ ᠠᠴᠠ ᠤᠳᠤ ᠶᠢᠨ | ᠴᠠᠮᠪᠤᠯᠢᠩ ᠳᠤ ᠤᠳᠤ ᠴᠤᠭᠯᠢᠭ ᠪᠠᠶᠢᠭᠰᠠᠨ᠂ ᠪᠠᠶᠢᠭᠰᠠᠭᠠᠷ ᠢᠷᠡᠭᠰᠡᠨ ᠮᠦᠷᠳᠡᠭᠡᠨ ᠢᠷᠡᠭᠡᠳᠦᠢ ᠳᠤ ᠴᠦ ᠪᠠᠶᠢᠬᠤ | ᠪᠤᠯᠤᠨ᠎ᠠ ᠭᠡᠳᠡᠭ ᠲᠤ ᠢᠳᠡᠭᠡᠯ ᠲᠠᠢ ᠪᠠᠶᠢᠭᠠᠷᠠᠢ᠃ ᠨᠡᠭᠦᠳᠡᠯ ᠮᠠᠯᠵᠢᠯ ᠤᠨ ᠰᠤᠶᠤᠯ ᠳᠤ ᠤᠪᠤᠭ᠎ᠠ ᠤᠷᠤᠨ | ᠪᠠᠶᠢᠷᠢ ᠪᠠᠨ ᠪᠠᠳᠤ ᠰᠠᠬᠢᠭᠰᠠᠨ ᠬᠠᠷᠠᠭᠤᠯ ᠤᠨ ᠪᠠᠶᠢᠯᠳᠤᠭᠴᠢ ᠶᠢᠨ ᠶᠤᠰᠤᠭᠠᠷ ᠦᠢᠯᠡᠳᠦᠯ ᠦᠵᠡᠭᠦᠯᠵᠤ᠂ | ᠤᠪᠤᠭ᠎ᠠ ᠪᠠᠨ ᠦᠵᠡᠭᠡᠳ ᠤᠮᠤᠭ ᠵᠤᠷᠢᠭ ᠨᠢ ᠬᠦᠪᠴᠢᠯᠡᠭᠳᠡᠭᠰᠡᠨ᠂ ᠤᠯᠵᠠ ᠤᠷᠤᠴᠠ ᠨᠢ ᠨᠡᠮᠡᠭᠳᠡᠭᠰᠡᠨ ᠢ | ᠠᠯᠢ ᠶᠢ ᠨᠢ ᠲᠤᠷᠠᠰᠤᠨ ᠲᠤᠭᠠᠴᠢᠭᠠᠳ ᠪᠠᠷᠠᠬᠤ ᠪᠤᠢ᠃ ᠤᠪᠤᠭ᠎ᠠ ᠳᠤ ᠪᠠᠨ ᠬᠤᠷᠭᠤᠳᠠᠭᠠᠳ ᠤᠯᠠᠨ ᠤᠯᠠᠨ | ᠮᠤᠩᠭᠤᠯᠴᠤᠳ ᠦᠪᠡᠷ ᠤᠨ ᠤᠤᠭᠤᠭᠰᠠᠨ ᠤᠰᠤ ᠤᠨᠠᠭᠰᠠᠨ ᠨᠤᠳᠤᠭ ᠢᠶᠠᠨ ᠤᠷᠬᠢᠵᠤ ᠲᠦᠪᠳᠡᠯ ᠰᠠᠭᠤᠷᠢᠰᠢᠵᠤ | ᠬᠠᠯᠬᠠᠭ᠎ᠠ ᠬᠡᠷᠡᠮ ᠪᠤᠯᠵᠤ ᠮᠤᠩᠭᠤᠯ ᠰᠤᠶᠤᠯ ᠤᠨ ᠬᠠᠶᠢᠯᠤᠭᠳᠠᠯ ᠢ ᠬᠤᠷᠢᠭᠯᠠᠵᠤ ᠮᠤᠩᠭᠤᠯ ᠠᠮᠢᠳᠤᠷᠠᠯ ᠤᠨ | ᠦᠭᠡᠷᠡᠳᠦᠯ ᠢ ᠤᠳᠠᠭᠠᠰᠢᠷᠠᠭᠤᠯᠵᠤ ᠶᠠᠪᠤᠭᠰᠠᠨ ᠢ ᠡᠷᠳᠡᠮᠳᠡᠨ ᠮᠡᠷᠭᠡᠳ ᠠᠨᠳᠤᠯ ᠦᠭᠡᠢ ᠮᠡᠳᠡᠬᠦ ᠪᠠᠷ ᠦᠯᠦ ᠪᠠᠷᠠᠮ | ᠦᠶ᠎ᠡ ᠶᠢᠨ ᠦᠶ᠎ᠡ ᠳᠤ ᠪᠠᠨ ᠦᠪᠯᠡᠭᠦᠯᠵᠤ ᠦᠭᠭᠦᠭᠰᠡᠨ ᠦᠨᠦᠳᠦᠷ ᠤᠨ ᠪᠤᠰᠤᠭ᠎ᠠ ᠰᠤᠶᠤᠯ ᠮᠠᠨᠢ ᠬᠡᠷᠡᠴᠢ ᠪᠤᠯᠵᠤ | ᠦᠨᠢᠳᠡ ᠰᠦᠨᠳᠡᠷᠯᠡᠵᠤ ᠪᠠᠶᠢᠨᠠᠮ᠃ | ᠂᠂᠂᠂ ᠂᠂᠂᠂ | ᠮᠤᠩᠭᠤᠯ ᠨᠤᠳᠤᠭ ᠤᠨ ᠤᠪᠤᠭᠠᠨ ᠳᠤ ᠪᠠᠨ ᠴᠢᠯᠠᠭᠤ ᠨᠡᠮᠡᠬᠦ ᠪᠠᠨ ᠮᠠᠷᠳᠠᠳᠠᠭ ᠦᠭᠡᠢ ᠰᠢᠭ᠋ ᠢᠶᠠᠷ ᠮᠤᠩᠭᠤᠯ | ᠰᠤᠶᠤᠯ ᠤᠨ ᠤᠪᠤᠭᠠᠨ ᠳᠤ ᠪᠠᠨ ᠰᠤᠳᠤᠷ ᠨᠡᠮᠡᠬᠦ ᠪᠠᠨ ᠪᠢᠳᠡᠭᠡᠢ ᠮᠠᠷᠳᠠᠶ᠎ᠠ᠂ ᠪᠢᠳᠡ ᠪᠦᠭᠦᠳᠡᠭᠡᠷ ᠢᠶᠠᠨ︕ | ᠤᠪᠤᠭ᠎ᠠ — ᠮᠤᠩᠭᠤᠯ ᠤᠷᠤᠨ ᠤ ᠰᠦᠯᠳᠠ᠃ | ᠤᠪᠤᠭ᠎ᠠ — ᠮᠤᠩᠭᠤᠯ ᠬᠦᠮᠦᠨ ᠤ ᠰᠢᠳᠦᠭᠡᠨ᠃ |